Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ᠄ ᠠᠷᠬᠢᠸ ᠤᠨ ᠰᠢᠨ᠎ᠡ ᠰᠠᠩ ᠬᠥᠮᠦᠷᠢᠭᠡ ᠪᠦᠷᠢᠳᠦᠭᠦᠯᠬᠦ᠂ ᠴᠠᠬᠢᠮ ᠠᠷᠬᠢᠸ ᠢ ᠬᠥᠭ᠍ᠵᠢᠭᠦᠯᠬᠦ ᠳᠥ ᠣᠨᠤᠴᠤᠭᠠᠢ ᠠᠩᠬᠠᠷᠬᠤ ᠱᠠᠭᠠᠷᠳᠠᠯᠭ᠎ᠠ ᠲᠠᠢ

《ᠰᠢᠨ᠎ᠡ ᠰᠡᠷᠭᠦᠯᠲᠡ-ᠴᠠᠬᠢᠮ ᠠᠷᠬᠢᠸ》 ᠰᠡᠳᠦᠪᠲᠦ ᠠᠷᠬᠢᠸ᠂ ᠠᠯᠪᠠᠨ ᠬᠡᠷᠡᠭ ᠬᠥᠲᠦᠯᠦᠯᠲᠡ ᠢᠢᠨ ᠠᠵᠢᠯᠲᠠᠨ ᠤ ᠠᠩᠬᠠᠳᠤᠭᠠᠷ ᠴᠢᠭᠤᠯᠭᠠᠨ ᠲᠥᠷᠥ ᠢᠢᠨ ᠣᠷᠳᠣᠨ ᠳᠤ ᠡᠬᠢᠯᠡᠯ᠎ᠡ᠃ ᠴᠢᠭᠤᠯᠭᠠᠨ ᠳᠤ 30᠂000 ᠣᠷᠴᠢᠮ ᠲᠥᠷᠥ᠂ ᠬᠤᠪᠢ ᠤᠨ ᠬᠡᠪᠰᠢᠯ ᠦᠨ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ ᠢᠢᠨ 80᠂000 ᠭᠠᠷᠤᠢ ᠠᠵᠢᠯᠲᠠᠨ᠂ ᠠᠯᠪᠠᠨ ᠬᠠᠭᠠᠭᠴᠢ᠂ ᠠᠷᠬᠢᠸ᠂ ᠠᠯᠪᠠᠨ ᠬᠡᠷᠡᠭ ᠬᠥᠲᠥᠯᠦᠭᠴᠢᠳ ᠦᠨ ᠲᠥᠯᠥᠭᠡᠯᠡᠯ ᠪᠣᠯᠬᠤ 500 ᠭᠠᠷᠤᠢ ᠬᠦᠮᠦᠨ ᠣᠷᠣᠯᠴᠠᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠴᠢᠭᠤᠯᠭᠠᠨ ᠢ ᠨᠡᠭᠡᠭᠡᠵᠦ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠄

ᠲᠥᠷᠥ ᠢᠢᠨ ᠣᠢ ᠰᠠᠨᠠᠮᠵᠢ ᠢᠢᠨ ᠥᠪ ᠰᠠᠩ ᠢ ᠪᠠᠷᠢᠭᠴᠢ ᠡᠷᠬᠢᠮ ᠬᠦᠨᠳᠦᠲᠦ ᠠᠷᠬᠢᠸᠴᠢᠳ ᠠ ᠂

ᠴᠢᠭᠤᠯᠭᠠᠨ ᠤ ᠲᠥᠯᠥᠭᠡᠯᠡᠭᠴᠢᠳ ᠠ ᠂

ᠡᠷᠬᠢᠮ ᠬᠦᠨᠳᠦᠳᠥ ᠨᠥᠬᠥᠳ ᠡ᠃

ᠡᠬᠡ ᠣᠷᠣᠨ ᠤ ᠪᠠᠨ ᠥᠨᠴᠥᠭ ᠪᠤᠯᠤᠨᠭ᠌ ᠪᠦᠷᠢ ᠡᠴᠡ ᠬᠦᠷᠦᠯᠴᠡᠨ ᠢᠷᠡᠭᠰᠡᠨ ᠡᠷᠬᠢᠮ ᠬᠦᠨᠳᠦᠳᠥ ᠠᠷᠬᠢᠸᠴᠢᠳ ᠲᠠ ᠪᠦᠬᠦᠨ ᠳᠥ ᠤᠳᠠᠬᠤ ᠦᠭᠡᠢ ᠲᠣᠬᠢᠶᠠᠬᠤ ᠣᠷᠴᠢᠨ ᠴᠠᠭ ᠤᠨ ᠠᠷᠬᠢᠸ ᠤᠨ ᠠᠯᠪᠠ ᠡᠭᠦᠰᠦᠨ ᠪᠠᠢᠢᠭᠤᠯᠤᠭᠳᠠᠰᠤᠨ ᠤ 95 ᠵᠢᠯ ᠦᠨ ᠣᠢ᠂ ᠮᠣᠩ᠋ᠭᠣᠯ ᠤᠯᠤᠰ ᠤᠨ ᠠᠷᠬᠢᠸᠴᠢᠳ ᠤᠨ ᠡᠳᠦᠷ ᠦᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ᠎ᠡ᠃

ᠮᠣᠩ᠋ᠭᠣᠯ ᠲᠦᠮᠡᠨ ᠦ ᠲᠡᠦᠬᠡ ᠰᠤᠶᠤᠯ᠂ ᠤᠭᠰᠠᠭ᠎ᠠ ᠭᠠᠷᠤᠯ᠂ ᠪᠢᠴᠢᠭ᠌ ᠦᠰᠦᠭ᠂ ᠵᠠᠩ ᠵᠠᠩᠰᠢᠯ᠂ ᠶᠣᠰᠣ ᠤᠯᠠᠮᠵᠢᠯᠠᠯ ᠤᠨ ᠦᠨᠡᠲᠦ ᠥᠪ ᠪᠣᠯᠤᠭᠰᠠᠨ ᠠᠷᠬᠢᠸ ᠤᠨ ᠢᠶᠠᠨ ᠰᠠᠩ ᠬᠥᠮᠥᠷᠭᠡ ᠢᠢ ᠴᠢᠩᠳᠠᠯᠠᠨ ᠬᠠᠳᠠᠭᠠᠯᠠᠵᠤ᠂ ᠰᠤᠳᠤᠯᠤᠨ ᠠᠷᠪᠢᠵᠢᠭᠤᠯᠵᠤ᠂ ᠰᠤᠷᠲᠠᠯᠴᠢᠯᠠᠨ ᠲᠠᠨᠢᠭᠤᠯᠵᠤ᠂ ᠲᠦᠭᠡᠭᠡᠨ ᠳᠡᠯᠭᠡᠷᠡᠭᠦᠯᠬᠦ ᠨᠢ ᠮᠣᠩ᠋ᠭᠣᠯ ᠲᠥᠷᠥ ᠢᠢᠨ ᠡᠷᠬᠢᠮ ᠡᠭᠦᠷᠭᠡ ᠮᠥᠨ᠃

ᠶᠡᠬᠡ ᠮᠣᠩ᠋ᠭᠣᠯ ᠤᠯᠤᠰ᠂ ᠡᠵᠡᠨ ᠴᠢᠩ᠋ᠭᠢᠰ ᠬᠠᠭᠠᠨ ᠤ ᠦᠶ ᠡ ᠡᠴᠡ ᠲᠥᠷᠥ ᠢᠢᠨ ᠦᠢᠯᠡ ᠬᠡᠷᠡᠭ ᠢ ᠡᠷᠬᠢᠯᠡᠨ ᠬᠥᠲᠥᠯᠬᠦ ᠳᠢᠭ᠌ ᠵᠢᠷᠤᠮ ᠢ ᠰᠠᠢᠢᠲᠤᠷ ᠲᠣᠭᠲᠠᠭᠠᠵᠤ ᠢᠷᠡᠭᠰᠡᠨ ᠪᠥᠭᠡᠳ ᠲᠥᠷᠥ ᠢᠢᠨ ᠪᠢᠴᠢᠭ᠌ ᠪᠠᠷᠢᠮᠲᠠ ᠢᠢᠨ ᠰᠠᠩ ᠬᠥᠮᠥᠷᠭᠡ ᠢᠢ ᠡᠭᠦᠰᠬᠡᠵᠦ᠂ ᠡᠮᠬᠢ ᠴᠡᠭᠴᠡ ᠲᠡᠢ ᠬᠠᠳᠠᠭᠠᠯᠠᠨ ᠬᠠᠮᠠᠭᠠᠯᠠᠬᠤ ᠢᠢᠨ ᠰᠠᠴᠠᠭᠤ ᠡᠬᠡ ᠪᠠᠷᠢᠮᠲᠠ ᠢᠢ ᠵᠠᠰᠠᠮᠵᠢᠯᠠᠵᠤ ᠪᠣᠯᠬᠤ ᠦᠭᠡᠢ ᠪᠡᠷ ᠬᠠᠤᠯᠢᠴᠢᠯᠠᠨ ᠲᠣᠭᠲᠠᠭᠠᠵᠤ᠂ ᠠᠷᠬᠢᠸ ᠤᠨ ᠦᠢᠯᠡ ᠬᠡᠷᠡᠭ ᠢ ᠬᠥᠭ᠍ᠵᠢᠭᠦᠯᠵᠦ ᠢᠷᠡᠵᠡᠢ᠃

ᠲᠡᠭᠦᠨᠴᠢᠯᠡᠨ ᠠᠯᠪᠠᠨ ᠪᠠᠷᠢᠮᠲᠠ ᠪᠢᠴᠢᠭ᠌ ᠦᠨ ᠬᠡᠪ ᠮᠠᠶ᠋ᠢᠭ᠂ ᠬᠡᠯᠪᠡᠷᠢ ᠵᠠᠭᠪᠤᠷ ᠢ ᠪᠣᠯᠪᠠᠰᠤᠷᠠᠭᠤᠯᠤᠨ᠂ ᠪᠢᠴᠢᠬᠦ ᠴᠠᠭᠠᠰᠤᠨ ᠤ ᠬᠡᠮᠵᠢᠶ᠎ᠡ᠂ ᠪᠡᠬᠡᠨ ᠦ ᠥᠩ᠋ᠭᠡ ᠢᠢ ᠲᠣᠭᠲᠠᠭᠠᠭᠰᠠᠨ ᠤ ᠵᠡᠷᠭᠡᠴᠡᠭᠡ᠂ ᠪᠠᠷᠢᠮᠲᠠ ᠢᠢ ᠳᠡᠪᠲᠡᠷᠯᠡᠨ ᠬᠠᠳᠠᠭᠠᠯᠠᠬᠤ ᠠᠷᠭ᠎ᠠ ᠢᠢ ᠴᠤ ᠵᠢᠷᠤᠮᠯᠠᠨ ᠦᠯᠡᠳᠡᠭᠡᠭ᠍ᠰᠡᠨ ᠨᠢ ᠮᠣᠩ᠋ᠭᠣᠯ ᠲᠥᠷᠥ ᠢᠢᠨ ᠠᠷᠬᠢᠸ ᠤᠨ ᠰᠤᠶᠤᠯ ᠥᠨᠢ ᠡᠷᠲᠡᠨ ᠡᠴᠡ ᠤᠯᠪᠠᠭ᠎ᠠ ᠲᠠᠢ ᠪᠣᠯᠬᠤ ᠢᠢ ᠢᠯᠡᠳᠬᠡᠵᠦ ᠪᠠᠢᠢᠳᠠᠭ᠃

1921 ᠣᠨ ᠳᠤ ᠠᠷᠠᠳ ᠤᠨ ᠬᠤᠪᠢᠰᠬᠠᠯ ᠢᠯᠠᠵᠤ᠂ ᠠᠷᠠᠳ ᠤᠨ ᠵᠠᠰᠠᠭ ᠤᠨ ᠭᠠᠵᠠᠷ ᠪᠠᠢᠢᠭᠤᠯᠤᠭᠳᠠᠭᠰᠠᠨ ᠴᠠᠭ ᠠᠴᠠ ᠪᠠᠨ ᠮᠣᠩ᠋ᠭᠣᠯ ᠤᠨ ᠠᠷᠠᠳ ᠲᠦᠮᠡᠨ ᠦ ᠪᠦᠲᠦᠭᠡᠨ ᠪᠠᠢᠢᠭᠤᠯᠤᠭᠰᠠᠨ ᠲᠡᠦᠬᠡ᠂ ᠰᠤᠶᠤᠯ ᠤᠨ ᠥᠪ ᠢ ᠬᠢᠮᠠᠭᠠᠳᠠᠨ ᠴᠤᠭᠯᠠᠭᠤᠯᠵᠤ᠂ ᠬᠠᠳᠠᠭᠠᠯᠠᠨ ᠬᠠᠮᠠᠭᠠᠯᠠᠵᠤ᠂ ᠰᠤᠷᠲᠠᠯᠴᠢᠯᠠᠨ ᠳᠡᠯᠭᠡᠷᠡᠭᠦᠯᠬᠦ ᠵᠣᠷᠢᠯᠭ᠎ᠠ ᠪᠠᠷ ᠰᠤᠳᠤᠷ ᠪᠢᠴᠢᠭ᠌ ᠦᠨ ᠬᠦᠷᠢᠶᠡᠯᠡᠩ ᠢ ᠪᠠᠢᠢᠭᠤᠯᠤᠭᠰᠠᠨ ᠶᠤᠮ᠃

ᠤᠭ ᠬᠦᠷᠢᠶᠡᠯᠡᠩ ᠦᠨ ᠨᠢᠭᠡ ᠡᠭᠦᠷᠭᠡ ᠨᠢ ᠵᠠᠰᠠᠭ ᠵᠠᠬᠢᠷᠭᠠᠨ ᠤ ᠨᠢᠭᠡᠴᠡ᠂ ᠱᠠᠰᠢᠨ ᠤ ᠪᠠᠢᠢᠭᠤᠯᠤᠯᠭ᠎ᠠ ᠨᠤᠭᠤᠳ ᠤᠨ ᠦᠢᠯᠡ ᠠᠵᠢᠯᠯᠠᠭᠠᠨ ᠤ ᠶᠠᠪᠤᠴᠠ ᠳᠤ ᠬᠤᠷᠢᠮᠲᠤᠯᠠᠭᠳᠠᠭᠰᠠᠨ ᠳᠠᠩᠰᠠ ᠬᠠᠷᠠᠭᠠᠨ ᠤ ᠪᠠᠷᠢᠮᠲᠠ ᠢᠢ ᠲᠥᠪᠯᠡᠷᠡᠭᠦᠯᠵᠦ᠂ ᠤᠯᠤᠰ ᠤᠨ ᠬᠠᠮᠠᠭᠠᠯᠠᠯᠲᠠ ᠳᠤ ᠠᠪᠬᠤ ᠶᠠᠪᠤᠳᠠᠯ ᠪᠠᠢᠢᠭᠰᠠᠨ ᠪᠥᠭᠡᠳ ᠲᠤᠰ ᠬᠦᠷᠢᠶᠡᠯᠡᠩ ᠨᠢ ᠲᠥᠪ᠂ ᠣᠷᠣᠨ ᠨᠤᠲᠤᠭ ᠠᠴᠠ ᠬᠠᠭᠤᠴᠢᠨ ᠤ ᠳᠠᠩᠰᠠ ᠬᠠᠷᠠᠭᠠᠨ ᠤ ᠠᠷᠪᠢᠨ ᠶᠡᠬᠡ ᠪᠠᠷᠢᠮᠲᠠ ᠢᠢ ᠰᠤᠷᠪᠤᠯᠵᠢᠯᠠᠨ ᠴᠤᠭᠯᠠᠭᠤᠯᠵᠤ᠂ ᠨᠡᠢᠢᠰᠯᠡᠯ ᠤᠯᠠᠭᠠᠨᠪᠠᠭᠠᠲᠤᠷ ᠬᠣᠲᠠᠨ ᠠ ᠲᠠᠲᠠᠨ ᠲᠥᠪᠯᠡᠷᠡᠭᠦᠯᠦᠭᠰᠡᠭᠡᠷ 1927 ᠣᠨ ᠤ 12 ᠳ᠋ᠤᠭᠠᠷ ᠰᠠᠷ᠎ᠠ ᠢᠢᠨ 05 ᠍ ᠤ ᠡᠳᠦᠷ ᠬᠠᠭᠤᠴᠢᠨ ᠳᠠᠩᠰᠠ ᠪᠢᠴᠢᠭ᠌ ᠢ ᠡᠷᠬᠢᠯᠡᠬᠦ ᠨᠢᠭᠡ ᠣᠷᠣᠨ ᠲᠣᠭ᠎ᠠ ᠢᠢ ᠪᠤᠢ ᠪᠣᠯᠭᠠᠭᠰᠠᠨ ᠨᠢ ᠣᠷᠴᠢᠨ ᠴᠠᠭ ᠤᠨ ᠠᠷᠬᠢᠸ ᠤᠨ ᠠᠯᠪᠠᠨ ᠤ ᠡᠭᠦᠰᠦᠯ ᠬᠥᠭ᠍ᠵᠢᠯ ᠪᠣᠯᠵᠠᠢ᠃

ᠲᠡᠭᠡᠪᠡᠯ ᠥᠩ᠋ᠭᠡᠷᠡᠭᠰᠡᠨ ᠨᠢᠭᠡᠨ ᠵᠠᠭᠤᠨ ᠤ ᠬᠤᠭᠤᠴᠠᠭᠠᠨ ᠳᠤ ᠮᠠᠨ ᠤ ᠤᠯᠤᠰ ᠠᠷᠬᠢᠸ᠂ ᠠᠯᠪᠠᠨ ᠪᠢᠴᠢᠭ᠌ ᠬᠥᠲᠦᠯᠦᠯᠲᠡ ᠢᠢᠨ ᠡᠷᠬᠡ ᠵᠦᠢ ᠢᠢᠨ ᠣᠷᠴᠢᠨ᠂ ᠦᠨᠳᠦᠰᠦᠨ ᠲᠣᠭᠲᠠᠯᠴᠠᠭ᠎ᠠ ᠢᠢ ᠪᠠᠲᠤ ᠲᠠᠢ ᠪᠦᠷᠢᠳᠦᠭᠦᠯᠵᠦ᠂ ᠡᠳᠦᠭᠡ ᠬᠥᠭ᠍ᠵᠢᠯ ᠦᠨ ᠢᠶᠡᠨ ᠴᠣ ᠰᠢᠨ᠎ᠡ ᠨᠢᠭᠡᠨ ᠦᠶ᠎ᠡ ᠪᠣᠯᠬᠤ 《ᠴᠠᠬᠢᠮ ᠠᠷᠬᠢᠸ》 ᠍ ᠤᠨ ᠡᠷᠢᠨ ᠦᠶ᠎ᠡ ᠳᠥ ᠬᠦᠷᠴᠦ ᠢᠷᠡᠭᠡᠳ ᠪᠠᠢᠢᠨ᠎ᠠ᠃

ᠡᠨᠡ ᠪᠣᠯ ᠦᠶ᠎ᠡ ᠦᠶ᠎ᠡ ᠢᠢᠨ ᠡᠷᠬᠢᠮ ᠬᠦᠨᠳᠦᠲᠦ ᠠᠷᠬᠢᠸᠴᠢᠳ ᠲᠠ ᠪᠦᠬᠦᠨ ᠦ ᠣᠶᠤᠨ ᠤᠬᠠᠭᠠᠨ᠂ ᠴᠤᠴᠠᠰᠢ ᠦᠭᠡᠢ ᠬᠥᠳᠡᠯᠮᠦᠷᠢ᠂ ᠶᠠᠨᠳᠠᠰᠢ ᠦᠭᠡᠢ ᠬᠢᠴᠢᠶᠡᠯ ᠵᠢᠳᠬᠦᠯ ᠦᠨ ᠬᠦᠴᠥ ᠪᠡᠷ ᠲᠥᠷᠥ ᠢᠢᠨ ᠣᠢ ᠰᠠᠨᠠᠮᠵᠢ᠂ ᠡᠦᠬᠡ ᠲᠡᠦᠬᠡ ᠦᠯᠦ ᠠᠯᠳᠠᠭᠳᠠᠨ᠂ ᠬᠠᠳᠠᠭᠠᠯᠠᠭᠳᠠᠨ ᠬᠠᠮᠠᠭᠠᠯᠠᠭᠳᠠᠵᠤ᠂ ᠵᠠᠯᠭᠠᠮᠵᠢᠯᠠᠨ ᠦᠷᠭᠦᠯᠵᠢᠯᠡᠵᠦ ᠪᠤᠢ ᠢᠢᠨ ᠲᠣᠳᠣ ᠢᠯᠡᠷᠡᠯ ᠶᠤᠮ᠃

ᠡᠢᠢᠮᠦ ᠡᠴᠡ ᠮᠣᠩ᠋ᠭᠣᠯ ᠤᠯᠤᠰ ᠤᠨ ᠶᠡᠷᠦᠩᠬᠡᠢᠢᠯᠡᠭᠴᠢ ᠡᠷᠬᠢᠮ ᠬᠦᠨᠳᠦᠲᠦ ᠠᠷᠬᠢᠸᠴᠢᠳ ᠲᠠ ᠪᠦᠬᠦᠨ ᠳᠥ ᠬᠦᠨᠳᠦᠳᠬᠡᠯ ᠦᠵᠡᠭᠦᠯᠬᠦ ᠢᠢᠨ ᠵᠡᠷᠭᠡᠴᠡᠭᠡ ᠲᠥᠷᠥ ᠢᠢᠨ ᠣᠢ ᠰᠠᠨᠠᠮᠵᠢ ᠪᠣᠯᠤᠭᠰᠠᠨ ᠠᠷᠬᠢᠸ ᠤᠨ ᠪᠠᠢᠢᠭᠤᠯᠤᠯᠭ᠎ᠠ᠂ ᠠᠷᠬᠢᠸ ᠤᠨ ᠪᠠᠷᠢᠮᠲᠠ ᠢᠢᠨ ᠦᠯᠡᠮᠵᠢ ᠦᠨ᠎ᠡ ᠴᠡᠨ ᠢ ᠴᠢᠬᠤᠯᠠᠴᠢᠯᠠᠨ ᠦᠵᠡᠵᠦ 《ᠮᠣᠩ᠋ᠭᠣᠯ ᠤᠨ ᠠᠷᠬᠢᠸᠴᠢᠳ ᠤᠨ ᠠᠩᠬᠠᠳᠤᠭᠠᠷ ᠴᠢᠭᠤᠯᠭᠠᠨ》 ᠍ ᠢ ᠢᠪᠡᠭᠡᠯ ᠳ᠋ᠣᠣᠷ᠎ᠠ ᠪᠠᠨ ᠵᠣᠬᠢᠶᠠᠨ ᠪᠠᠢᠢᠭᠤᠯᠵᠤ ᠪᠠᠢᠢᠨ᠎ᠠ᠃
ᠡᠷᠬᠢᠮ ᠨᠥᠬᠥᠳ᠎ᠡ ᠂

ᠠᠷᠬᠢᠸ ᠤᠨ ᠪᠠᠢᠢᠭᠤᠯᠤᠯᠭ᠎ᠠ ᠢᠢᠨ ᠴᠢᠨᠠᠭᠰᠢᠳᠠ ᠢᠢᠨ ᠬᠥᠭ᠍ᠵᠢᠯ ᠳᠡᠪᠰᠢᠯ ᠢ ᠬᠤᠷᠳᠤᠰᠬᠠᠬᠤ᠂ ᠦᠨᠳᠦᠰᠦᠨ ᠦ ᠦᠨᠡᠲᠦ ᠵᠦᠢᠯ᠂ ᠥᠪ ᠰᠠᠩ ᠢ ᠰᠠᠬᠢᠨ ᠬᠠᠮᠠᠭᠠᠯᠠᠵᠤ᠂ ᠲᠦᠭᠡᠭᠡᠨ ᠳᠡᠯᠭᠡᠷᠡᠭᠦᠯᠬᠦ ᠳᠥ ᠳᠠᠷᠠᠭᠠᠬᠢ ᠠᠰᠠᠭᠤᠳᠠᠯ ᠤᠳ ᠢ ᠣᠨᠤᠴᠤᠭᠠᠢ ᠠᠩᠬᠠᠷᠴᠤ ᠠᠵᠢᠯᠯᠠᠬᠤ ᠱᠠᠭᠠᠷᠳᠠᠯᠭ᠎ᠠ ᠲᠠᠢ ᠪᠠᠢᠢᠨ᠎ᠠ᠃

ᠨᠢᠭᠡ᠃ ᠪᠢᠳᠡᠨ ᠦ ᠡᠪᠦᠭᠡ ᠳᠡᠭᠡᠳᠦᠰ ᠦᠨ ᠪᠦᠲᠦᠭᠡᠭ᠍ᠰᠡᠨ ᠰᠤᠶᠤᠯ ᠢᠷᠭᠡᠨᠰᠢᠯ᠂ ᠡᠦᠬᠡ ᠲᠡᠦᠬᠡ᠂ ᠪᠠᠢᠢᠭᠤᠯᠤᠭᠰᠠᠨ ᠭᠠᠪᠢᠶ᠎ᠠ᠂ ᠪᠠᠬᠠᠳᠤᠮ᠎ᠠ ᠦᠢᠯᠡ ᠬᠡᠷᠡᠭ ᠪᠣᠯ ᠬᠦᠮᠦᠨ ᠲᠥᠷᠥᠯᠬᠢᠲᠡᠨ ᠦ ᠲᠡᠦᠬᠡ ᠢᠢᠨ ᠰᠠᠯᠤᠰᠢ ᠦᠭᠡᠢ ᠨᠢᠭᠡᠨ ᠬᠡᠰᠡᠭ ᠪᠢᠯᠡ᠃ ᠡᠢᠢᠮᠦ ᠤᠴᠢᠷ ᠠᠴᠠ ᠮᠠᠨ ᠤ ᠤᠯᠤᠰ ᠤᠨ ᠲᠡᠦᠬᠡ ᠳᠠᠩ ᠭᠠᠭᠴᠠ ᠥᠨᠥ ᠢᠢᠨ ᠮᠣᠩ᠋ᠭᠣᠯ ᠣᠷᠣᠨ ᠤ ᠨᠤᠲᠤᠭ ᠳᠡᠪᠢᠰᠬᠡᠷ ᠢᠶᠡᠷ ᠦᠯᠦ ᠬᠡᠮᠵᠢᠭᠳᠡᠨ᠎ᠡ᠃

ᠲᠡᠢᠢᠮᠦ ᠡᠴᠡ ᠦᠨᠳᠦᠰᠦᠨ ᠦ ᠲᠡᠦᠬᠡ᠂ ᠰᠤᠶᠤᠯ ᠤᠨ ᠥᠪ᠂ ᠪᠢᠴᠢᠭ᠌ ᠦᠰᠦᠭ ᠦᠨ ᠳᠤᠷᠠᠰᠬᠠᠯ ᠤᠨ ᠣᠯᠠᠨ ᠲᠡᠦᠬᠡᠨ ᠪᠠᠷᠢᠮᠲᠠ ᠭᠠᠳᠠᠭᠠᠳᠤ ᠤᠯᠤᠰ ᠣᠷᠣᠨ ᠨᠤᠭᠤᠳ ᠲᠤ ᠬᠠᠳᠠᠭᠠᠯᠠᠭᠳᠠᠵᠤ ᠪᠠᠢᠢᠭ᠎ᠠ ᠢᠢ ᠰᠤᠷᠪᠤᠯᠵᠢᠯᠠᠨ ᠢᠯᠡᠷᠡᠭᠦᠯᠵᠦ᠂ ᠰᠤᠳᠤᠯᠤᠨ ᠪᠦᠷᠢᠳᠬᠡᠵᠦ᠂ ᠡᠬᠡ ᠣᠷᠣᠨ ᠳᠤ ᠪᠠᠨ ᠡᠷᠭᠢᠭᠦᠯᠦᠨ ᠠᠪᠴᠤ ᠢᠷᠡᠬᠦ᠂ ᠰᠡᠷᠭᠦᠭᠡᠨ ᠵᠠᠰᠠᠪᠤᠷᠢᠯᠠᠬᠤ ᠳᠤ ᠣᠨᠤᠴᠤᠭᠠᠢ ᠠᠩᠬᠠᠷᠴᠤ ᠠᠵᠢᠯᠯᠠᠬᠤ ᠤᠴᠢᠷᠲᠠᠢ᠃

ᠡᠨᠡ ᠬᠦᠷᠢᠶᠡᠨ ᠳᠥ ᠠᠷᠬᠢᠸ ᠤᠨ ᠪᠠᠢᠢᠭᠤᠯᠤᠯᠭ᠎ᠠ ᠪᠣᠯᠤᠨ ᠪᠤᠰᠤᠳ ᠬᠣᠯᠪᠣᠭᠣᠳᠠᠬᠤ ᠶᠠᠮᠤᠨ᠂ ᠠᠭᠧᠨᠲᠯᠢᠭ ᠤᠳ᠂ ᠭᠠᠳᠠᠭᠠᠳᠤ ᠤᠯᠤᠰ ᠲᠤ ᠰᠠᠭᠤᠭ᠎ᠠ ᠳ᠋ᠢᠫᠯᠣᠮᠠᠲ ᠲᠥᠯᠥᠭᠡᠯᠡᠭᠴᠢ ᠢᠢᠨ ᠭᠠᠵᠠᠷ ᠤᠳ᠂ ᠡᠷᠳᠡᠮᠲᠡᠨ ᠰᠤᠳᠤᠯᠤᠭᠠᠴᠢᠳ᠂ ᠢᠷᠭᠡᠳ᠂ ᠬᠤᠪᠢ ᠤᠨ ᠬᠡᠪᠰᠢᠯ ᠦᠨ ᠬᠠᠮᠲᠤ ᠢᠢᠨ ᠠᠵᠢᠯᠯᠠᠭ᠎ᠠ ᠪᠠᠨ᠂ ᠬᠠᠷᠢᠯᠴᠠᠨ ᠣᠢᠢᠯᠠᠭᠠᠯᠴᠠᠯ᠂ ᠵᠥᠪ ᠵᠣᠬᠢᠶᠠᠨ ᠪᠠᠢᠢᠭᠤᠯᠤᠯᠲᠠ ᠣᠨᠤᠴᠤᠭᠠᠢ ᠴᠢᠬᠤᠯᠠ ᠡᠭᠦᠷᠭᠡ ᠲᠡᠢ ᠪᠠᠢᠢᠨ᠎ᠠ᠃

ᠬᠣᠶᠠᠷ᠃ ᠣᠷᠴᠢᠨ ᠦᠶ᠎ᠡ ᠢᠢᠨ ᠲᠧᠭᠨᠢᠭ᠂ ᠲᠧᠭᠨᠣᠯᠣᠭᠢ᠂ ᠢᠨᠨᠣᠸᠠᠴ ᠢᠢᠨ ᠰᠢᠢᠳᠦᠯ ᠢ ᠠᠰᠢᠭᠯᠠᠨ ᠪᠤᠰᠤᠳ ᠤᠯᠤᠰ ᠣᠷᠣᠨ ᠤ ᠰᠠᠢᠢᠨ ᠲᠤᠷᠰᠢᠯᠭ᠎ᠠ ᠢᠢ ᠰᠤᠳᠤᠯᠤᠨ ᠨᠡᠪᠲᠡᠷᠡᠭᠦᠯᠵᠦ᠂ ᠠᠷᠬᠢᠸ ᠤᠨ ᠪᠠᠢᠢᠭᠤᠯᠤᠯᠭ᠎ᠠ ᠢᠢᠨ ᠦᠢᠯᠡ ᠠᠵᠢᠯᠯᠠᠭ᠎ᠠ ᠢᠢ ᠰᠢᠨ᠎ᠡ ᠱᠠᠲᠤᠨ ᠳᠤ ᠭᠠᠷᠭᠠᠵᠤ᠂ ᠴᠠᠬᠢᠮ ᠠᠷᠬᠢᠸ ᠢ ᠬᠥᠭ᠍ᠵᠢᠭᠦᠯᠬᠦ ᠶᠣᠰᠣᠲᠠᠢ᠃
ᠭᠤᠷᠪᠠ᠃ ᠠᠷᠬᠢᠸ ᠤᠨ ᠰᠢᠨ᠎ᠡ ᠰᠠᠩ ᠬᠥᠮᠥᠷᠭᠡ ᠢᠢ ᠪᠦᠷᠢᠳᠦᠭᠦᠯᠬᠦ ᠳᠥ ᠣᠨᠤᠴᠤᠭᠠᠢᠢᠯᠠᠨ ᠠᠩᠬᠠᠷᠠᠬᠤ ᠶᠠᠪᠤᠳᠠᠯ ᠴᠢᠬᠤᠯᠠ ᠪᠠᠢᠢᠨ᠎ᠠ᠃

ᠡᠭᠦᠨ ᠦ ᠨᠢᠭᠡ ᠨᠢ ᠲᠡᠦᠬᠡᠨ ᠦᠢᠯᠡ ᠶᠠᠪᠤᠳᠠᠯ᠂ ᠲᠡᠦᠬᠡᠨ ᠬᠦᠮᠦᠰ ᠦᠨ ᠳᠠᠭᠤᠤ ᠬᠣᠭᠣᠯᠠᠢ᠂ ᠳᠦᠷᠰᠦ ᠪᠢᠴᠢᠯᠭᠡ ᠢᠢᠨ ᠰᠠᠩ ᠬᠥᠮᠥᠷᠭᠡ ᠢᠢ ᠡᠭᠦᠰᠬᠡᠨ ᠪᠠᠷᠢᠮᠲᠠᠵᠢᠭᠤᠯᠤᠨ ᠠᠪᠬᠤ᠂ ᠬᠠᠳᠠᠭᠠᠯᠠᠨ ᠬᠠᠮᠠᠭᠠᠯᠠᠬᠤ ᠴᠢᠭᠯᠡᠯ ᠢᠶᠡᠷ ᠢᠳᠡᠪᠬᠢᠲᠡᠢ ᠠᠵᠢᠯᠯᠠᠬᠤ ᠨᠢ ᠵᠦᠢᠲᠡᠢ ᠶᠤᠮ᠃

ᠳᠥᠷᠪᠡ᠃ ᠠᠷᠬᠢᠸ ᠤᠨ ᠪᠣᠯᠪᠠᠰᠤᠨ ᠬᠦᠴᠦᠨ ᠢ ᠪᠡᠯᠡᠳᠬᠡᠬᠦ᠂ ᠳᠠᠪᠲᠠᠨ ᠰᠤᠷᠭᠠᠬᠤ᠂ ᠠᠷᠬᠢᠸ᠂ ᠪᠢᠴᠢᠭ᠌ ᠬᠡᠷᠡᠭ ᠦᠨ ᠠᠵᠢᠯᠲᠠᠨ ᠤ ᠴᠠᠯᠢᠩ ᠬᠥᠯᠥᠰᠥ ᠢᠢ ᠦᠶ᠎ᠡ ᠱᠠᠲᠤ ᠲᠠᠢ ᠪᠠᠷ ᠨᠡᠮᠡᠭᠳᠡᠭᠦᠯᠬᠦ᠂ ᠠᠷᠬᠢᠸ ᠤᠨ ᠬᠠᠳᠠᠭᠠᠯᠠᠯᠲᠠ ᠬᠠᠮᠠᠭᠠᠯᠠᠯᠲᠠ ᠢᠢ ᠰᠠᠢᠢᠵᠢᠷᠠᠭᠤᠯᠬᠤ ᠳᠤ ᠨᠡᠩ ᠲᠦᠷᠦᠭᠦᠨ ᠳᠥ ᠠᠩᠬᠠᠷᠠᠬᠤ ᠱᠠᠭᠠᠷᠳᠠᠯᠭ᠎ᠠ ᠲᠠᠢ ᠪᠠᠢᠢᠨ᠎ᠠ᠃

ᠲᠡᠭᠦᠨᠴᠢᠯᠡᠨ ᠮᠡᠷᠭᠡᠵᠢᠯ ᠦᠨ ᠠᠷᠬᠢᠸᠴᠤ ᠰᠤᠳᠤᠯᠤᠭᠠᠴᠢᠳ ᠤᠨ ᠭᠠᠳᠠᠭᠠᠳᠤ ᠬᠡᠯᠡᠨ ᠦ ᠪᠣᠯᠤᠨ ᠰᠤᠷᠪᠤᠯᠵᠢ ᠢᠢᠨ ᠬᠡᠯᠡᠨ ᠦ ᠴᠢᠳᠠᠪᠬᠢ ᠢᠢ ᠰᠠᠢᠢᠵᠢᠷᠠᠭᠤᠯᠬᠤ ᠴᠢᠭᠯᠡᠯ ᠢᠶᠡᠷ ᠲᠣᠳᠣᠷᠬᠠᠢ ᠪᠣᠳᠣᠯᠭ᠎ᠠ᠂ ᠠᠷᠭ᠎ᠠ ᠬᠡᠮᠵᠢᠶ᠎ᠡ ᠢᠢ ᠠᠪᠴᠤ ᠬᠡᠷᠡᠭᠵᠢᠭᠦᠯᠬᠦ ᠬᠡᠷᠡᠭᠲᠡᠢ ᠪᠠᠢᠢᠨ᠎ᠠ᠃

ᠡᠳᠡᠭᠡᠷ ᠢ ᠰᠡᠢᠢᠳᠪᠦᠷᠢᠯᠡᠬᠦ ᠳᠥ ᠲᠥᠷᠥ᠂ ᠵᠠᠰᠠᠭ ᠤᠨ ᠨᠢᠭᠡᠳᠦᠭᠰᠡᠨ ᠪᠣᠳᠣᠯᠭ᠎ᠠ᠂ ᠦᠢᠯᠡ ᠠᠵᠢᠯᠯᠠᠭ᠎ᠠ ᠴᠢᠬᠤᠯᠠ ᠠᠴᠠ ᠭᠠᠳᠠᠨ᠎ᠠ ᠠᠷᠬᠢᠸ ᠤᠨ ᠠᠵᠢᠯᠲᠠᠨ᠂ ᠠᠯᠪᠠᠨ ᠬᠠᠭᠠᠭᠴᠢᠳ ᠲᠠ ᠪᠦᠬᠦᠨ ᠦ ᠰᠠᠨᠠᠯ᠂ ᠰᠠᠨᠠᠭᠠᠴᠢᠯᠠᠭ᠎ᠠ᠂ ᠢᠳᠡᠪᠬᠢ ᠵᠢᠳᠬᠦᠯ ᠲᠤᠢᠢᠯ ᠠᠴᠠ ᠴᠢᠬᠤᠯᠠ ᠪᠣᠯᠬᠤ ᠢᠢ ᠲᠡᠮᠳᠡᠭᠯᠡᠨ ᠬᠡᠯᠡᠬᠦ ᠢᠢ ᠬᠦᠰᠡᠵᠦ ᠪᠠᠢᠢᠨ᠎ᠠ᠃

ᠡᠷᠬᠢᠮ ᠬᠦᠨᠳᠦᠳᠥ ᠠᠷᠬᠢᠸᠴᠢᠳ ᠲᠠ ᠪᠦᠬᠦᠨ ᠦ ᠡᠷᠬᠢᠮᠯᠡᠨ ᠳᠡᠭᠡᠳᠦᠯᠡᠬᠦ ᠦᠨᠡᠲᠦ ᠵᠦᠢᠯ ᠦᠨ ᠨᠢᠭᠡ ᠪᠣᠯ ᠮᠣᠩ᠋ᠭᠣᠯ ᠬᠦᠮᠦᠨ ᠦ ᠣᠶᠤᠨ ᠤᠬᠠᠭᠠᠨ᠂ ᠠᠪᠢᠶᠠᠰ ᠪᠢᠯᠢᠭ᠌ ᠢᠶᠡᠷ ᠪᠦᠲᠦᠭᠰᠡᠨ ᠲᠡᠦᠬᠡ ᠰᠤᠶᠤᠯ ᠤᠨ ᠪᠡᠶᠡᠲᠦ ᠪᠣᠯᠤᠨ ᠪᠡᠶᠡᠲᠦ ᠪᠤᠰᠤ ᠥᠪ᠂ ᠡᠪᠦᠭᠡ ᠳᠡᠭᠡᠳᠦᠰ ᠦᠨ ᠬᠥᠯᠥᠰᠥ᠂ ᠴᠢᠰᠤ ᠪᠠᠷ ᠪᠢᠴᠢᠭᠳᠡᠭᠰᠡᠨ ᠲᠡᠦᠬᠡᠨ ᠪᠠᠷᠢᠮᠲᠠ ᠨᠤᠭᠤᠳ ᠢ ᠬᠠᠳᠠᠭᠠᠯᠠᠨ ᠬᠠᠮᠠᠭᠠᠯᠠᠵᠤ᠂ ᠣᠯᠠᠨ ᠨᠡᠢᠢᠲᠡ ᠳᠥ ᠰᠤᠷᠲᠠᠯᠴᠢᠯᠠᠨ ᠲᠠᠨᠢᠭᠤᠯᠬᠤ ᠢᠢᠨ ᠵᠡᠷᠭᠡᠴᠡᠭᠡ ᠠᠷᠬᠢᠸ ᠤᠨ ᠪᠠᠷᠢᠮᠲᠠ ᠪᠠᠷ ᠳᠠᠮᠵᠢᠭᠤᠯᠤᠨ ᠦᠨᠳᠦᠰᠦᠨ ᠦ ᠡᠪ ᠨᠢᠭᠡᠳᠦᠯ᠂ ᠦᠨᠡᠲᠦ ᠵᠦᠢᠯ ᠢ ᠲᠥᠯᠦᠪᠰᠢᠭᠦᠯᠬᠦ ᠳᠥ ᠮᠠᠩᠯᠠᠢᠢᠯᠠᠨ ᠤᠷᠤᠯᠴᠠᠬᠤ ᠶᠠᠪᠤᠳᠠᠯ ᠶᠤᠮ᠃

ᠦᠨᠳᠦᠰᠦᠨ ᠦ ᠪᠢᠴᠢᠭ᠌ ᠦᠰᠦᠭ᠂ ᠲᠡᠦᠬᠡ᠂ ᠰᠤᠶᠤᠯ ᠢᠶᠠᠨ ᠨᠢᠳᠦᠨ ᠦ ᠴᠥᠴᠥᠭᠡᠢ᠂ ᠵᠢᠷᠦᠬᠡᠨ ᠦ ᠲᠣᠯᠲᠣ ᠮᠡᠲᠦ ᠨᠠᠨᠳᠢᠩᠨᠠᠨ ᠳᠡᠭᠡᠳᠦᠯᠡᠳᠡᠭ᠂ ᠲᠥᠷᠥ ᠢᠢᠨ ᠣᠢ ᠰᠠᠨᠠᠮᠵᠢ ᠪᠣᠯᠤᠭᠰᠠᠨ ᠡᠷᠬᠢᠮ ᠬᠦᠨᠳᠦᠳᠥ ᠠᠷᠬᠢᠸᠴᠢᠳ ᠲᠠ ᠪᠦᠬᠦᠨ ᠦ ᠨᠡᠷ᠎ᠡ ᠬᠦᠨᠳᠦᠲᠡᠢ ᠪᠥᠭᠡᠳ ᠨᠡᠩ ᠬᠠᠷᠢᠭᠤᠴᠠᠯᠭ᠎ᠠ ᠲᠠᠢ ᠠᠯᠪᠠᠨ ᠳᠤ ᠥᠨᠳᠥᠷ ᠠᠮᠵᠢᠯᠲᠠ ᠬᠦᠰᠡᠶ᠎ᠡ᠃

ᠴᠢᠭᠤᠯᠭᠠᠨ ᠤ ᠦᠢᠯᠡ ᠠᠵᠢᠯᠯᠠᠭᠠᠨ ᠳᠤ ᠠᠮᠵᠢᠯᠲᠠ ᠬᠦᠰᠡᠶ᠎ᠡ᠃

ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ᠃