Та "Internet explorer"-ийн сүүлийн хувилбар болох "Microsoft edge"-г ашиглана уу

Хэрэв "Microsoft edge"-г татах бол энд дарж татаж авна уу

《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠳᠤ ᠵᠠᠺ ᠤᠧᠲ᠋ᠧᠷᠹᠣᠷᠲ᠂ ᠠᠺᠠᠳᠧᠮᠢᠴᠢ ᠲᠡ‍᠂ ᠳᠣᠷᠵᠢᠭᠣᠲᠤᠪ ᠨᠠᠷ ᠲᠠᠯᠠᠷᠬᠠᠯ ᠢᠯᠡᠷᠬᠡᠢᠢᠯᠡᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠮᠣᠩ᠋ᠭᠣᠯ ᠤᠯᠤᠰ ᠤᠨ ᠲᠥᠷᠥ ᠢᠢᠨ ᠳᠡᠭᠡᠳᠦ ᠱᠠᠩᠨᠠᠯ᠂ 《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠬᠦᠷᠲᠡᠭᠰᠡᠨ ᠠᠮᠧᠷᠢᠺᠠ ᠢᠢᠨ ᠨᠢᠭᠡᠳᠦᠭᠰᠡᠨ ᠤᠯᠤᠰ ᠤᠨ ᠡᠷᠳᠡᠮᠲᠡᠨ ᠵᠠᠺ ᠤᠧᠲ᠋ᠧᠷᠹᠣᠷᠲ᠂ ᠠᠺᠠᠳᠧᠮᠢᠴᠢ ᠳᠡᠴᠢᠩ᠋ᠭᠦᠩ᠋ᠭ᠎ᠠ ᠢᠢᠨ ᠳᠣᠷᠵᠢᠭᠣᠲᠤᠪ ᠨᠠᠷ ᠤᠨ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠳᠤ ᠵᠠᠺ ᠤᠧᠲ᠋ᠧᠷᠹᠣᠷᠲ᠄ ᠮᠣᠩ᠋ᠭᠣᠯ ᠪᠣᠯ ᠳᠡᠯᠡᠬᠡᠢ ᠢᠢᠨ ᠲᠡᠦᠬᠡ ᠢᠢᠨ ᠭᠣᠯᠣᠮᠲᠠ᠂ ᠴᠢᠩ᠋ᠭᠢᠰ ᠬᠠᠭᠠᠨ ᠤ ᠥᠯᠥᠭᠡᠢ ᠨᠤᠲᠤᠭ᠃ ᠲᠠ ᠪᠦᠬᠦᠨ ᠡᠨᠡ ᠲᠡᠦᠬᠡ᠂ ᠡᠨᠡ ᠥᠪ ᠢ ᠰᠠᠬᠢᠨ ᠬᠠᠮᠠᠭᠠᠯᠠᠭᠴᠢᠳ

ᠪᠠᠶᠠᠷᠯᠠᠯ᠎ᠠ᠂ ᠨᠣᠶᠠᠨ ᠶᠡᠷᠦᠩᠬᠡᠢᠢᠯᠡᠭᠴᠢ ᠡ᠂ ᠮᠣᠩ᠋ᠭᠣᠯ ᠲᠥᠷᠥ ᠢᠢᠨ ᠬᠦᠨᠳᠦᠳᠥ ᠲᠦᠰᠢᠶᠡᠳ ᠡ᠃

ᠳᠡᠯᠡᠬᠡᠢ ᠢᠢᠨ ᠲᠡᠥᠬᠡᠨ ᠡ ᠠᠤᠭ᠎ᠠ ᠪᠠᠭᠠᠲᠤᠷ ᠤᠳ ᠨᠢ ᠢᠮᠠᠭᠲᠠ ᠬᠠᠤᠯᠢ ᠶᠣᠰᠣ ᠲᠣᠭᠲᠠᠭᠠᠭᠴᠢᠳ ᠪᠠᠢᠢᠳᠠᠭ᠃ ᠱᠠᠭᠵᠠᠮᠤᠨᠢ ᠪᠤᠳ᠋ᠳ᠋ᠠ ᠬᠦᠮᠦᠨ ᠲᠥᠷᠥᠯᠬᠢᠲᠡᠨ ᠳᠥ ᠭᠡᠭᠡᠷᠡᠯ ᠦᠨ ᠨᠣᠮ ᠪᠤᠶᠤ ᠬᠠᠤᠯᠢ ᠢᠢᠨ ᠬᠦᠷᠳ᠋ᠥ ᠍ ᠢ ᠦᠯᠡᠳᠡᠭᠡᠭ᠍ᠰᠡᠨ ᠪᠣᠯ ᠺᠥᠨᠽ ᠡᠷᠦᠬᠡ ᠭᠡᠷ ᠪᠣᠯᠤᠨ ᠲᠥᠷᠥ ᠢᠢᠨ ᠬᠠᠷᠢᠯᠴᠠᠭ᠎ᠠ ᠢᠢ ᠵᠣᠬᠢᠴᠠᠭᠤᠯᠬᠤ ᠢᠷᠭᠡᠨ ᠦ ᠬᠠᠤᠯᠢ ᠢᠢ ᠪᠦᠲᠦᠭᠡᠵᠦ ᠥᠪᠯᠡᠭᠦᠯᠦᠭᠰᠡᠨ᠃

ᠮᠣᠢᠰᠧᠢ ᠵᠦᠳ ᠦᠳ ᠦᠨ ᠶᠠᠪᠤᠳᠠᠯ ᠰᠤᠷᠲᠠᠯ ᠢ ᠵᠣᠬᠢᠴᠠᠭᠤᠯᠬᠤ ᠪᠤᠷᠬᠠᠨ ᠤ ᠬᠠᠤᠯᠢ ᠢᠢ ᠦᠯᠡᠳᠡᠭᠡᠪᠡ᠃ ᠶᠡᠰᠦᠰ ᠨᠢ ᠾᠷᠢᠰᠲ ᠤᠨ ᠱᠠᠰᠢᠨᠲᠠᠨ ᠨᠤᠭᠤᠳ ᠲᠤ ᠬᠠᠤᠯᠢ ᠢᠢ ᠲᠦᠭᠡᠭᠡᠵᠦ᠂ ᠵᠥᠩᠴᠢ ᠮᠤᠾᠠᠮᠧᠳ᠋  ᠢᠢᠠᠷ ᠠᠭᠤᠤ ᠱᠠᠵᠢᠳ ᠤᠨ ᠬᠠᠤᠯᠢ ᠵᠢᠷᠤᠮ ᠪᠦᠲᠦᠭᠡᠭ᠍ᠴᠢᠳ ᠦᠨ ᠦᠶ᠎ᠡ ᠳᠠᠭᠤᠰᠤᠭᠰᠠᠨ᠃

ᠴᠢᠩ᠋ᠭᠢᠰ ᠬᠠᠭᠠᠨ ᠰᠢᠨ᠎ᠡ ᠱᠠᠰᠢᠨ ᠵᠣᠬᠢᠶᠠᠭ᠎ᠠ ᠦᠭᠡᠢ᠃ ᠬᠠᠷᠢᠨ ᠮᠥᠩᠬᠡ ᠲᠩᠷᠢ ᠢᠢᠨ ᠵᠠᠷᠯᠢᠭ ᠢᠶᠠᠷ ᠪᠦᠬᠦ ᠱᠠᠰᠢᠨ ᠳᠤ ᠡᠷᠬᠡ ᠴᠢᠯᠦᠭᠡ ᠣᠯᠭᠤᠭᠰᠠᠨ ᠶᠤᠮ᠃ ᠱᠠᠰᠢᠨ ᠪᠦᠷᠢ ᠲᠤᠰ ᠲᠤ ᠪᠠᠨ᠂ ᠪᠤᠷᠬᠠᠨ ᠤ ᠮᠤᠲᠤᠷ ᠤᠨ ᠬᠤᠷᠤᠭᠤ ᠲᠡᠳᠦᠢ ᠪᠠᠢᠢᠭᠰᠠᠨ ᠢ ᠴᠢᠩ᠋ᠭᠢᠰ ᠬᠠᠭᠠᠨ ᠨᠢᠭᠡᠳᠬᠡᠨ᠂ ᠨᠢᠭᠡᠨ ᠴᠤᠯᠤ ᠪᠣᠯᠭᠠᠵᠤ᠂ ᠬᠦᠮᠦᠨ ᠲᠥᠷᠥᠯᠬᠢᠲᠡᠨ ᠦ ᠨᠢᠭᠡᠳᠦᠮᠡᠯ ᠬᠦᠰᠡᠯ ᠮᠥᠷᠥᠭᠡᠳᠦᠯ ᠪᠣᠯᠬᠤ ᠳᠠᠶᠠᠩ ᠳᠡᠯᠡᠬᠡᠢ ᠢᠢᠨ ᠡᠩᠬᠡ ᠲᠠᠢᠢᠪᠤᠩ ᠢ ᠲᠣᠭᠲᠠᠭᠠᠭᠰᠠᠨ᠃ ᠳᠡᠯᠡᠬᠡᠢ ᠥᠨᠥᠳᠥᠷ ᠴᠤ ᠭᠡᠰᠡᠨ ᠲᠡᠷᠡ ᠬᠦᠰᠡᠯ ᠵᠣᠷᠢᠯᠭ᠎ᠠ ᠳᠤ ᠪᠠᠨ ᠬᠦᠷᠡᠬᠦ ᠪᠡᠷ ᠲᠡᠮᠡᠴᠡᠭᠰᠡᠭᠡᠷ ᠪᠠᠢᠢᠨ᠎ᠠ᠃

ᠴᠢᠩ᠋ᠭᠢᠰ ᠬᠠᠭᠠᠨ ᠤ ᠬᠠᠤᠯᠢ ᠢᠢ ᠬᠡᠷᠡᠭᠵᠢᠭᠦᠯᠬᠦ ᠢᠢᠨ ᠲᠥᠯᠦᠭᠡᠬᠢ ᠲᠡᠮᠡᠴᠡᠯ ᠦᠢᠯᠡᠰ ᠦᠨ ᠢᠶᠡᠨ᠂ ᠮᠣᠩ᠋ᠭᠣᠯ ᠤᠨ ᠶᠡᠬᠡ ᠠᠮᠤᠷ ᠠᠮᠤᠭᠤᠯᠠᠩ ᠢ ᠲᠣᠭᠲᠠᠭᠠᠬᠤ ᠮᠥᠷᠥᠭᠡᠳᠦᠯ ᠳᠥ ᠪᠡᠨ ᠲᠡᠮᠡᠦᠯᠦᠭᠰᠡᠭᠡᠷ ᠪᠢᠳᠡ ᠶᠢᠰᠦ ᠳ᠋ᠡᠬᠢ ᠵᠠᠭᠤᠨ ᠢᠶᠠᠨ ᠡᠯᠡᠭᠡᠵᠦ ᠪᠠᠢᠢᠨ᠎ᠠ᠃ ᠶᠣᠰᠣ ᠨᠢ ᠦᠯᠡᠮᠵᠢ ᠪᠡᠯᠭᠡᠳᠡᠯ ᠢ ᠰᠢᠩ᠋ᠭᠡᠭᠡᠭ᠍ᠰᠡᠨ ᠲᠣᠭ᠎ᠠ᠃ ᠴᠤᠬᠤᠮ ᠡᠨᠡ ᠵᠠᠭᠤᠨ ᠳᠤ ᠮᠣᠩ᠋ᠭᠣᠯᠴᠤᠳ ᠴᠢᠩ᠋ᠭᠢᠰ ᠬᠠᠭᠠᠨ ᠤ ᠮᠥᠷᠥᠭᠡᠳᠦᠯ ᠢ ᠪᠡᠶᠡᠯᠡᠭᠦᠯᠬᠦ ᠵᠠᠮ ᠢ ᠳᠥᠲᠡᠯᠡᠨ᠂ ᠡᠬᠡ ᠳᠡᠯᠡᠬᠡᠢ ᠳᠥ ᠪᠡᠨ ᠲᠤᠰᠠᠯᠠᠵᠤ ᠴᠢᠳᠠᠨ᠎ᠠ ᠭᠡᠵᠦ ᠪᠢ ᠢᠲᠡᠭᠡᠳᠡᠭ᠃

ᠮᠣᠩ᠋ᠭᠣᠯ ᠪᠣᠯ ᠳᠡᠯᠡᠬᠡᠢ ᠢᠢᠨ ᠲᠡᠦᠬᠡ ᠢᠢᠨ ᠭᠣᠯᠣᠮᠲᠠ᠂ ᠴᠢᠩ᠋ᠭᠢᠰ ᠬᠠᠭᠠᠨ ᠤ ᠥᠯᠥᠭᠡᠢ ᠨᠤᠲᠤᠭ ᠪᠥᠭᠡᠳ ᠲᠠ ᠪᠦᠬᠦᠨ ᠪᠣᠯ ᠡᠨᠡ ᠲᠡᠦᠬᠡ᠂ ᠡᠨᠡ ᠥᠪ ᠢ ᠰᠠᠬᠢᠨ ᠬᠠᠮᠠᠭᠠᠯᠠᠭᠴᠢᠳ ᠪᠢᠯᠡ᠃ ᠡᠨᠡᠬᠦ ᠠᠭᠤᠤ ᠦᠢᠯᠡ ᠬᠡᠷᠡᠭᠲᠦ ᠪᠡᠨ ᠨᠠᠮᠠᠢ  ᠢ ᠣᠷᠤᠯᠴᠠᠭᠤᠯᠵᠤ ᠪᠠᠢᠢᠭ᠎ᠠ ᠢᠢ ᠪᠢ ᠨᠡᠷ᠎ᠡ ᠲᠥᠷᠥ ᠢᠢᠨ ᠬᠡᠷᠡᠭ ᠭᠡᠵᠦ ᠦᠵᠡᠵᠦ ᠪᠠᠢᠢᠨ᠎ᠠ᠃

《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨᠳᠤ ᠲᠡ‍᠂ ᠳᠣᠷᠵᠢᠭᠣᠲᠤᠪ᠄ ᠡᠨᠡ ᠱᠠᠩᠨᠠᠯ ᠰᠢᠨᠵᠢᠯᠡᠬᠦ ᠤᠬᠠᠭᠠᠨ ᠤ ᠰᠠᠯᠪᠤᠷᠢ ᠲᠤ ᠥᠭᠴᠦ ᠪᠤᠢ ᠥᠨᠳᠥᠷ ᠦᠨᠡᠯᠡᠭᠡ᠂ ᠲᠣᠮᠣ ᠢᠲᠡᠭᠡᠯ᠂ ᠭᠦᠨ ᠬᠦᠨᠳᠦᠳᠬᠡᠯ ᠶᠤᠮ

ᠮᠣᠩ᠋ᠭᠣᠯ ᠤᠯᠤᠰ ᠤᠨ ᠡᠷᠬᠢᠮ ᠬᠦᠨᠳᠦᠳᠥ ᠶᠡᠷᠦᠩᠬᠡᠢᠢᠯᠡᠭᠴᠢ  ᠡ᠂

ᠲᠥᠷᠥ᠂ ᠨᠡᠢᠢᠭᠡᠮ ᠤᠨ ᠵᠢᠳᠬᠦᠯᠲᠡᠨ᠂ ᠴᠢᠩ᠋ᠭᠢᠰ ᠬᠠᠭᠠᠨ ᠣᠳᠣᠨᠳᠤ ᠡᠷᠬᠢᠮ ᠦᠳ ᠡ᠂

ᠡᠷᠳᠡᠮᠲᠡᠨ ᠰᠤᠳᠤᠯᠤᠭᠠᠴᠢ᠂ ᠨᠣᠮ ᠤᠨ ᠡᠷᠬᠢᠮ ᠨᠥᠬᠥᠳ ᠡ᠃

ᠮᠢᠨᠦ ᠰᠤᠷᠴᠤ ᠡᠵᠡᠮᠰᠢᠭᠰᠡᠨ ᠮᠡᠷᠭᠡᠵᠢᠯ᠂ ᠰᠤᠳᠤᠯᠵᠤ ᠪᠦᠲᠦᠭᠡᠭ᠍ᠰᠡᠨ ᠮᠡᠳᠡᠯᠭᠡ ᠮᠠᠨᠢ ᠨᠡᠭᠦᠳᠡᠯ ᠦᠨ ᠰᠤᠶᠤᠯ ᠢᠷᠭᠡᠨᠰᠢᠯ ᠦᠨ ᠭᠠᠢᠢᠬᠠᠮᠰᠢᠭᠲᠤ ᠲᠡᠦᠬᠡ ᠢᠢ ᠪᠦᠲᠦᠭᠡᠭ᠍ᠰᠡᠨ ᠡᠨᠡ ᠬᠥᠷᠥᠰᠥᠳᠦ ᠭᠠᠵᠠᠷ ᠲᠠᠢ ᠠᠮᠢᠨ ᠬᠣᠯᠪᠣᠭ᠎ᠠ ᠲᠠᠢ ᠶᠠᠪᠤᠭᠰᠠᠭᠠᠷ 60 ᠭᠠᠷᠤᠢ ᠵᠢᠯ ᠢ ᠦᠵᠡᠵᠦ ᠪᠠᠢᠢᠨ᠎ᠠ᠃

ᠭᠠᠵᠠᠷ ᠵᠦᠢ ᠢᠢᠨ ᠰᠤᠳᠤᠯᠭ᠎ᠠ ᠪᠣᠯ ᠤᠯᠤᠰ ᠣᠷᠣᠨ ᠤ ᠲᠤᠰᠠᠭᠠᠷ ᠲᠣᠭᠲᠠᠨᠢᠯ᠂ ᠠᠰᠢᠳᠠ ᠣᠷᠣᠰᠢᠬᠤ ᠢᠢᠨ ᠪᠠᠲᠤᠯᠠᠭ᠎ᠠ ᠭᠡᠳᠡᠭ ᠢ ᠮᠠᠨ ᠤ ᠦᠶ᠎ᠡ ᠦᠶ᠎ᠡ ᠢᠢᠨ ᠰᠤᠳᠤᠯᠤᠭᠠᠴᠢᠳ᠂ ᠡᠷᠳᠡᠮᠲᠡᠳ ᠭᠦᠨ᠎ᠡ ᠤᠬᠠᠮᠰᠠᠷᠯᠠᠵᠤ᠂ ᠡᠬᠡ ᠣᠷᠣᠨ ᠳᠤ ᠪᠠᠨ ᠭᠠᠵᠠᠷ ᠵᠦᠢ ᠢᠢᠨ ᠰᠢᠨᠵᠢᠯᠡᠬᠦ ᠤᠬᠠᠭᠠᠨ ᠤ ᠪᠦᠬᠦᠢ ᠯᠠ ᠰᠠᠯᠪᠤᠷᠢ ᠢᠢ ᠬᠥᠭ᠍ᠵᠢᠭᠦᠯᠬᠦ ᠢᠢᠨ ᠲᠥᠯᠥᠭᠡ 98 ᠵᠢᠯ ᠴᠤᠴᠠᠯᠲᠠ ᠦᠭᠡᠢ ᠠᠵᠢᠯᠯᠠᠵᠤ᠂ ᠬᠥᠳᠡᠯᠮᠦᠷᠢᠯᠡᠵᠦ ᠢᠷᠡᠭᠰᠡᠨ ᠦ ᠰᠡᠭᠦᠯ ᠦᠨ 60 ᠭᠠᠷᠤᠢ ᠵᠢᠯ ᠦᠨ ᠬᠤᠭᠤᠴᠠᠭᠠᠨ ᠳᠤ ᠨᠢ ᠥᠪᠡᠷ ᠦᠨ ᠥᠴᠥᠬᠡᠨ ᠪᠣᠯᠪᠠᠴᠤ ᠬᠤᠪᠢ ᠨᠡᠮᠡᠷᠢ ᠣᠷᠣᠭᠤᠯᠤᠭᠰᠠᠨ ᠳᠤ ᠪᠠᠨ ᠪᠠᠶᠠᠷᠲᠠᠢ ᠪᠠᠢᠢᠨ᠎ᠠ᠃

ᠬᠠᠮᠲᠤ ᠣᠯᠠᠨ᠂ ᠬᠠᠮᠲᠤᠷᠠᠨ ᠵᠢᠳᠬᠦᠭ᠍ᠴᠢ ᠲᠠ ᠪᠦᠬᠦᠨ ᠢᠶᠡᠷ ᠢᠶᠡᠨ ᠪᠠᠬᠠᠷᠬᠠᠵᠤ ᠪᠠᠢᠢᠨ᠎ᠠ᠃

ᠡᠨᠡ ᠬᠤᠭᠤᠴᠠᠭᠠᠨ ᠳᠤ ᠰᠤᠳᠤᠯᠤᠭᠠᠴᠢ ᠨᠥᠬᠥᠳ ᠲᠡᠢ ᠪᠡᠨ ᠬᠠᠮᠲᠤᠷᠠᠨ ᠡᠬᠡ ᠣᠷᠣᠨ ᠤ ᠪᠠᠨ ᠨᠤᠲᠤᠭ ᠳᠡᠪᠢᠰᠬᠡᠷ᠂ ᠪᠠᠢᠢᠭᠠᠯᠢ ᠢᠢᠨ ᠨᠥᠬᠥᠴᠡᠯ᠂ ᠨᠥᠭᠡᠴᠡ ᠪᠠᠶᠠᠯᠢᠭ᠂ ᠬᠦᠮᠦᠨ ᠠᠮᠠ᠂ ᠲᠡᠦᠬᠡ᠂ ᠰᠤᠶᠤᠯ᠂ ᠨᠡᠢᠢᠭᠡᠮ᠂ ᠡᠳ᠋ ᠍ ᠦᠨ ᠵᠠᠰᠠᠭ ᠤᠨ ᠲᠠᠯᠠᠭᠠᠷᠬᠢ ᠪᠦᠬᠦ ᠮᠡᠳᠡᠭᠡᠯᠡᠯ ᠢ ᠪᠠᠭᠲᠠᠭᠠᠭᠰᠠᠨ ᠰᠢᠨᠵᠢᠯᠡᠬᠦ ᠤᠬᠠᠭᠠᠨ᠂ ᠵᠢᠷᠤᠭ ᠵᠦᠢ ᠢᠢᠨ ᠪᠦᠷᠢᠨ ᠬᠡᠮᠵᠢᠶᠡᠨ ᠦ ᠯᠠᠪᠠᠯᠠᠬᠤ 《ᠮᠣᠩ᠋ᠭᠣᠯ ᠤᠯᠤᠰ ᠤᠨ ᠦᠨᠳᠦᠰᠦᠨ ᠦ ᠠᠲ᠋ᠯᠠᠰ》 ᠍ ᠢ ᠭᠤᠷᠪᠠᠨ ᠤᠳᠠᠭ᠎ᠠ ᠪᠣᠯᠪᠠᠰᠤᠷᠠᠭᠤᠯᠤᠨ ᠨᠡᠢᠢᠲᠡᠯᠡᠭᠦᠯᠵᠦ᠂ ᠮᠣᠩ᠋ᠭᠣᠯ ᠣᠷᠣᠨ ᠤ ᠪᠠᠨ ᠪᠠᠷᠤᠭ ᠨᠡᠢᠢᠲᠡ ᠨᠤᠲᠤᠭ ᠢ ᠬᠠᠮᠤᠷᠤᠭᠰᠠᠨ ᠬᠥᠷᠦᠰᠥ᠂ ᠬᠥᠷᠦᠰᠥᠨ ᠪᠦᠷᠬᠦᠪᠴᠢ ᠢᠢᠨ ᠰᠤᠳᠤᠯᠭᠠᠨ ᠤ 50 ᠭᠠᠷᠤᠢ ᠤᠳᠠᠭ᠎ᠠ ᠢᠢᠨ ᠬᠡᠭᠡᠷ᠎ᠡ ᠢᠢᠨ ᠡᠺᠰᠫᠧᠳᠢᠼ ᠵᠣᠬᠢᠶᠠᠨ ᠪᠠᠢᠢᠭᠤᠯᠵᠤ᠂ ᠬᠥᠷᠦᠰᠦᠨ ᠦ ᠭᠠᠷᠤᠯ ᠡᠭᠦᠰᠦᠯ᠂ ᠠᠩ᠋ᠭᠢᠯᠠᠯ᠂ ᠵᠢᠷᠤᠭᠯᠠᠯ᠂ ᠮᠤᠵᠢᠯᠠᠯ᠂ ᠴᠢᠨᠠᠷ ᠤᠨ ᠦᠨᠡᠯᠡᠭᠡ᠂ ᠹᠢᠽᠢᠺ᠂ ᠬᠢᠮᠢ ᠢᠢᠨ ᠰᠢᠨᠵᠢᠯᠡᠭᠡ᠂ ᠦᠷᠡᠵᠢᠯ ᠰᠢᠮ᠎ᠡ᠂ ᠠᠰᠢᠭᠯᠠᠯᠲᠠ ᠢᠢᠨ ᠲᠠᠯ᠎ᠠ ᠪᠠᠷ ᠣᠯᠠᠨ ᠠᠷᠪᠠᠨ ᠨᠣᠮ᠂ ᠪᠦᠲᠦᠭᠡᠯ ᠲᠤᠭᠤᠷᠪᠢᠵᠤ᠂ 《ᠪᠠᠢᠢᠭᠠᠯᠢ ᠨᠠᠭᠤᠷ ᠤᠨ ᠰᠠᠪᠠ ᠨᠠᠭᠤᠷ ᠤᠨ ᠡᠺᠣᠯᠣᠭᠢ ᠢᠢᠨ ᠠᠲ᠋ᠯᠠᠰ》᠂ 《ᠮᠣᠩ᠋ᠭᠣᠯ ᠣᠷᠣᠨ ᠤ ᠡᠺᠣᠰᠢᠰᠲ᠋ᠧᠮ ᠦᠨ ᠠᠲ᠋ᠯᠠᠰ》᠂ 《ᠰᠡᠯᠡᠩ᠋ᠭᠡ-ᠪᠠᠢᠢᠭᠠᠯ ᠨᠠᠭᠤᠷ ᠤᠨ ᠪᠥᠰᠡ ᠨᠤᠲᠤᠭ ᠤᠨ ᠡᠺᠣᠯᠣᠭᠢ ᠭᠠᠵᠠᠷ ᠵᠦᠢ ᠢᠢᠨ ᠠᠲ᠋ᠯᠠᠰ》 ᠵᠡᠷᠭᠡ ᠣᠷᠴᠢᠨ ᠵᠦᠢ ᠢᠢᠨ ᠰᠤᠳᠤᠯᠭᠠᠨ ᠤ ᠲᠣᠮᠣᠬᠠᠨ ᠪᠦᠲᠦᠭᠡᠯ ᠦᠳ ᠲᠥ ᠣᠷᠣᠯᠴᠠᠯ᠎ᠠ᠃

ᠡᠨᠡ ᠰᠤᠳᠤᠯᠭᠠᠨ ᠤ ᠳ᠋ᠦᠩ ᠳᠥ ᠥᠨᠥᠳᠥᠷ ᠪᠢᠳᠡ ᠨᠡᠢᠢᠲᠡ ᠮᠣᠩ᠋ᠭᠣᠯ ᠣᠷᠣᠨ ᠤ ᠪᠠᠨ ᠬᠥᠷᠦᠰᠦᠨ ᠦ ᠪᠦᠬᠦ ᠬᠡᠪ ᠰᠢᠨᠵᠢ᠂ ᠲᠥᠷᠥᠯ ᠵᠦᠢᠯ ᠢ ᠣᠷᠴᠢᠨ ᠦᠶ᠎ᠡ ᠢᠢᠨ ᠰᠢᠨᠵᠢᠯᠡᠬᠦ ᠤᠬᠠᠭᠠᠨ ᠤ ᠲᠦᠪᠰᠢᠨ ᠳᠥ ᠠᠩ᠋ᠭᠢᠯᠠᠨ ᠲᠣᠳᠣᠷᠬᠠᠢᠢᠯᠠᠵᠤ᠂ ᠲᠡᠳᠡᠭᠡᠷ ᠦᠨ ᠨᠥᠭᠡᠴᠡ ᠢᠢ ᠲᠣᠭᠠᠴᠠᠭᠠᠯᠠᠬᠤ ᠠᠷᠭ᠎ᠠ ᠵᠦᠢ ᠢᠢ ᠪᠣᠯᠪᠠᠰᠤᠷᠠᠭᠤᠯᠤᠨ ᠪᠠᠲᠤᠯᠠᠭᠠᠵᠢᠭᠤᠯᠵᠤ᠂ ᠪᠠᠢᠢᠳᠠᠯ᠂ ᠲᠥᠯᠥᠪ ᠢ ᠨᠢ ᠡᠺᠣᠰᠢᠰᠲ᠋ᠧᠮ ᠦᠨ ᠬᠦᠷᠢᠶᠡᠨ ᠳᠥ ᠦᠨᠡᠯᠡᠨ ᠬᠠᠮᠠᠭᠠᠯᠠᠬᠤ ᠰᠢᠨᠵᠢᠯᠡᠬᠦ ᠤᠬᠠᠭᠠᠨ ᠤ ᠮᠡᠳᠡᠯᠭᠡ ᠢᠢ ᠪᠤᠢ ᠪᠣᠯᠭᠠᠵᠤ ᠴᠢᠳᠠᠭᠰᠠᠨ ᠶᠤᠮ᠃

ᠡᠨᠡ ᠪᠦᠬᠦ ᠠᠵᠢᠯ ᠢ ᠭᠦᠢᠴᠡᠳᠭᠡᠬᠦ ᠳᠥ ᠨᠠᠳᠠ ᠳᠤ ᠢᠲᠡᠭᠡᠯ ᠬᠦᠯᠢᠶᠡᠯᠭᠡᠵᠦ᠂ ᠬᠠᠮᠲᠤᠷᠠᠨ ᠵᠢᠳᠬᠦᠵᠦ᠂ ᠲᠤᠰᠠᠯᠠᠵᠤ ᠳᠡᠮᠵᠢᠵᠦ ᠢᠷᠡᠭᠰᠡᠨ ᠰᠢᠨᠵᠢᠯᠡᠬᠦ ᠤᠬᠠᠭᠠᠨ ᠤ ᠠᠺᠠᠳᠧᠮᠢ ᠢᠢᠨ ᠤᠳᠤᠷᠢᠳᠤᠯᠭ᠎ᠠ᠂ ᠭᠠᠵᠠᠷ ᠵᠦᠢ᠂ ᠭᠧᠣᠡᠺᠣᠯᠣᠭᠢ  ᠢᠢᠨ ᠬᠦᠷᠢᠶᠡᠯᠡᠩ ᠦᠨ ᠡᠷᠳᠡᠮ ᠦᠨ ᠬᠠᠮᠲᠤ ᠣᠯᠠᠨ᠂ ᠮᠣᠩ᠋ᠭᠣᠯ ᠤᠯᠤᠰ ᠤᠨ ᠶᠡᠬᠡ ᠰᠤᠷᠭᠠᠭᠤᠯᠢ᠂ ᠮᠣᠩ᠋ᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠢᠢᠨ ᠮᠡᠷᠭᠡᠵᠢᠯ ᠨᠢᠭᠡᠲᠦ ᠡᠷᠳᠡᠮᠲᠡᠨ ᠪᠠᠭᠰᠢ᠂ ᠱᠠᠪᠢ ᠨᠠᠷᠠᠲᠤ ᠪᠠᠨ ᠪᠣᠯᠤᠨ ᠭᠡᠷ ᠪᠦᠯᠡ ᠢᠢᠨ ᠬᠢᠨ ᠳᠥ ᠪᠡᠨ ᠭᠦᠨ ᠲᠠᠯᠠᠷᠬᠠᠯ ᠢᠯᠡᠷᠬᠡᠢᠢᠯᠡᠶ᠎ᠡ᠃

ᠮᠣᠩ᠋ᠭᠣᠯ ᠤᠨ ᠲᠥᠷᠥ᠂ ᠲᠦᠮᠡᠨ ᠣᠯᠠᠨ ᠮᠢᠨᠢ ᠬᠤᠪᠢ ᠵᠠᠶᠠᠭ᠎ᠠ ᠪᠠᠷ ᠤᠴᠠᠷᠠᠭᠰᠠᠨ ᠬᠥᠷᠥᠰᠥ ᠳᠥ ᠡᠨᠡ ᠨᠤᠲᠤᠭ ᠣᠷᠣᠨ ᠢᠶᠠᠨ ᠦᠶ᠎ᠡ ᠢᠢᠨ ᠦᠶ᠎ᠡ ᠳᠥ᠂ ᠤᠷᠤᠭ ᠤᠨ ᠤᠷᠤᠭ ᠲᠤ ᠬᠠᠢᠢᠷᠠᠯᠠᠨ ᠬᠦᠨᠳᠦᠯᠡᠵᠦ᠂ ᠪᠢᠰᠢᠷᠡᠨ ᠳᠡᠭᠡᠳᠦᠯᠡᠵᠦ᠂ ᠤᠨᠠᠭᠠᠨ ᠳᠠᠭᠰᠢᠨ ᠢᠶᠠᠷ ᠨᠢ ᠠᠪᠴᠤ ᠶᠠᠪᠤᠭᠠᠷᠠᠢ ᠬᠡᠮᠡᠨ ᠡᠪᠦᠭᠡᠨ ᠡᠷᠳᠡᠮᠲᠡᠨ ᠠᠬ᠎ᠠ ᠨᠢ ᠤᠯᠠᠮᠵᠢᠯᠠᠵᠤ ᠪᠠᠢᠢᠨ᠎ᠠ᠃

ᠡᠷᠳᠡᠮ ᠮᠡᠳᠡᠯᠭᠡ ᠠᠷᠪᠢᠵᠢᠨ ᠳᠡᠯᠭᠡᠷᠴᠥ᠂ ᠡᠬᠡ ᠣᠷᠣᠨ ᠮᠢᠨᠢ ᠮᠥᠩᠬᠡᠳᠡ ᠬᠥᠭ᠍ᠵᠢᠨ ᠳᠡᠪᠵᠢᠬᠦ ᠪᠣᠯᠲᠤᠭᠠᠢ᠃