ᠮᠣᠳᠣ ᠲᠠᠷᠢᠬᠤ ᠦᠨᠳᠦᠰᠦᠨ ᠦ ᠡᠳᠦᠷ ᠵᠠᠷᠯᠠᠬᠤ ᠲᠤᠬᠠᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ 2010 ᠣᠨ ᠤ ᠳᠥᠷᠪᠡᠳᠦᠭᠡᠷ ᠰᠠᠷ᠎ᠠ ᠢᠢᠨ 14 ᠍ ᠦ ᠡᠳᠦᠷ ᠭᠠᠷᠤᠭᠰᠠᠨ ᠪᠠᠢᠢᠳᠠᠭ᠃
ᠵᠠᠷᠯᠢᠭ ᠲᠤ ᠳᠤᠷᠠᠳᠠᠰᠤᠨ ᠢᠶᠠᠷ᠄
ᠵᠢᠯ ᠪᠦᠷᠢ ᠢᠢᠨ 5 ᠪᠣᠯᠤᠨ 10 ᠳ᠋ᠤᠭᠠᠷ ᠰᠠᠷ᠎ᠠ ᠢᠢᠨ ᠬᠣᠶᠠᠳ᠋ᠠᠬᠢ ᠳᠣᠯᠣᠭ᠎ᠠ ᠬᠣᠨᠣᠭ ᠤᠨ 《ᠪᠢᠮᠪᠠ》 ᠭᠠᠷᠠᠭ ᠢ ᠪᠦᠬᠦ ᠨᠡᠢᠢᠲᠡ ᠪᠡᠷ ᠮᠣᠳᠣ ᠲᠠᠷᠢᠬᠤ ᠦᠨᠳᠦᠰᠦᠨ ᠦ ᠡᠳᠦᠷ ᠪᠣᠯᠭᠠᠵᠤ ᠵᠠᠷᠯᠠᠭᠰᠠᠨ ᠪᠥᠭᠡᠳ ᠡᠨᠡ ᠡᠳᠦᠷ ᠮᠠᠷᠭᠠᠰᠢ ᠪᠤᠶᠤ 2018 ᠣᠨ ᠤ ᠲᠠᠪᠤᠳᠤᠭᠠᠷ ᠰᠠᠷ᠎ᠠ ᠢᠢᠨ 12 ᠍ ᠦ ᠡᠳᠦᠷ ᠲᠣᠬᠢᠶᠠᠵᠤ ᠪᠠᠢᠢᠨ᠎ᠠ᠃
ᠳᠡᠭᠡᠷᠡᠬᠢ ᠵᠠᠷᠯᠢᠭ ᠭᠠᠷᠤᠭᠰᠠᠨ ᠠᠴᠠ ᠬᠣᠢᠢᠰᠢ ᠪᠤᠶᠤ 2010-2017 ᠣᠨ ᠤ ᠬᠣᠭᠣᠷᠣᠨᠳᠣ 16 ᠤᠳᠠᠭ᠎ᠠ ᠢᠢᠨ ᠪᠦᠬᠦ ᠨᠡᠢᠢᠲᠡ ᠪᠡᠷ ᠮᠣᠳᠣ ᠲᠠᠷᠢᠬᠤ ᠡᠳᠦᠷ ᠢ ᠵᠣᠬᠢᠶᠠᠨ ᠪᠠᠢᠢᠭᠤᠯᠤᠭᠰᠠᠨ ᠪᠥᠭᠡᠳ ᠨᠡᠢᠢᠲᠡ 1 ᠰᠠᠶ᠎ᠠ 270 ᠮᠢᠩᠭ᠋᠎ᠠ ᠭᠠᠷᠤᠢ ᠢᠷᠭᠡᠨ 68.9 ᠮᠢᠩᠭ᠋ᠠᠨ ᠠᠵᠤ ᠠᠬᠤᠢ ᠢᠢᠨ ᠨᠢᠭᠡᠴᠡ᠂ ᠪᠠᠢᠢᠭᠤᠯᠤᠯᠭ᠎ᠠ ᠨᠤᠭᠤᠳ ᠣᠷᠣᠯᠴᠠᠵᠤ 10.5 ᠰᠠᠶ᠎ᠠ ᠮᠣᠳᠣ ᠲᠠᠷᠢᠭᠰᠠᠨ ᠪᠠᠢᠢᠨ᠎ᠠ᠃ ᠲᠠᠷᠢᠭᠰᠠᠨ ᠮᠣᠳᠣᠳ ᠠᠴᠠ 7.8 ᠰᠠᠶ᠎ᠠ ᠨᠢ ᠤᠷᠭᠤᠵᠤ᠂ ᠠᠮᠢᠳᠤᠷᠠᠯ ᠤᠨ ᠬᠤᠪᠢ ᠨᠢ 75 ᠬᠤᠪᠢ ᠳᠤ ᠬᠦᠷᠴᠡᠢ᠃
ᠲᠡᠢᠢᠮᠦ ᠡᠴᠡ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ 2010 ᠣᠨ ᠤ ᠮᠣᠳᠣ ᠲᠠᠷᠢᠬᠤ ᠦᠨᠳᠦᠰᠦᠨ ᠦ ᠡᠳᠦᠷ ᠵᠠᠷᠯᠠᠬᠤ ᠲᠤᠬᠠᠢ ᠵᠠᠷᠯᠢᠭ ᠲᠤ ᠳᠤᠷᠠᠳᠤᠭᠰᠠᠨᠴᠢᠯᠠᠨ ᠪᠦᠬᠦ ᠨᠡᠢᠢᠲᠡ ᠪᠡᠷ ᠮᠣᠳᠣ᠂ ᠪᠤᠲᠠ᠂ ᠰᠥᠭᠡᠭ᠌᠂ ᠴᠡᠴᠡᠭ ᠲᠠᠷᠢᠬᠤ᠂ ᠴᠢᠨᠠᠭᠰᠢᠳᠠ ᠠᠷᠠᠴᠢᠯᠠᠨ ᠬᠠᠮᠠᠭᠠᠯᠠᠬᠤ᠂ ᠲᠡᠭᠦᠨ ᠢ ᠪᠡᠨ ᠠᠮᠢᠳᠤᠷᠠᠯ ᠤᠨ ᠬᠡᠪ ᠮᠠᠶ᠋ᠢᠭ ᠪᠣᠯᠭᠠᠨ ᠬᠡᠪᠰᠢᠭᠦᠯᠦᠨ ᠰᠤᠷᠲᠠᠯᠴᠢᠯᠠᠵᠤ ᠠᠵᠢᠯᠯᠠᠬᠤ ᠢᠢ ᠮᠣᠩᠭ᠋ᠣᠯ ᠤᠯᠤᠰ ᠤᠨ ᠨᠡᠢᠢᠲᠡ ᠠᠷᠠᠳ ᠢᠷᠭᠡᠳ᠂ ᠠᠢᠢᠯ ᠡᠷᠦᠬᠡ᠂ ᠲᠥᠷᠥ ᠢᠢᠨ ᠪᠣᠯᠤᠨ ᠲᠥᠷᠥ ᠢᠢᠨ ᠪᠤᠰᠤ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠬᠠᠨᠳᠢᠪᠯᠠᠭᠴᠢ ᠨᠠᠷ ᠲᠤ ᠤᠷᠢᠶᠠᠯᠠᠵᠤ ᠪᠠᠢᠢᠨ᠎ᠠ᠃
ᠨᠡᠢᠢᠰᠯᠡᠯ ᠤᠨ ᠬᠠᠨ ᠊ ᠠᠭᠤᠯᠠ ᠳᠡᠭᠦᠷᠭᠡ ᠢᠢᠨ 34 ᠳᠦᠬᠡᠷ ᠰᠤᠷᠭᠠᠭᠤᠯᠢ ᠢᠢᠨ ᠲᠠᠯᠠᠪᠠᠢ ᠳᠤ ᠲᠠᠷᠢᠭᠰᠠᠨ ᠮᠣᠳᠤ
ᠲᠠᠰᠭᠠᠨ ᠤ ᠣᠪᠤᠭᠠᠨ ᠳᠡᠭᠡᠷ᠎ᠡ᠂ ᠭᠡᠰᠡᠷ ᠰᠦᠮ᠎ᠡ ᠢᠢᠨ ᠬᠣᠢᠢᠨ᠎ᠠ ᠲᠠᠷᠢᠭᠰᠠᠨ ᠮᠣᠳᠤ
ᠬᠤᠷᠢᠮ ᠤᠨ ᠣᠷᠳᠣᠨ ᠤ ᠤᠷᠳᠤ ᠲᠠᠷᠢᠭᠰᠠᠨ ᠮᠣᠳᠤ