ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠭᠡᠷᠭᠡᠢ ᠯᠤᠪᠰᠠᠩᠳᠣᠷᠵᠢ ᠢᠢᠨ ᠪᠣᠯᠣᠷᠴᠡᠴᠡᠭ ᠦᠨ ᠬᠠᠮᠲᠤ ᠶᠠᠫᠣᠨ ᠤᠯᠤᠰ ᠤᠨ ᠴᠣᠭ ᠵᠢᠪᠬᠤᠯᠠᠩᠲᠤ ᠡᠵᠡᠨ ᠬᠠᠭᠠᠨ ᠨᠠᠷᠤᠬᠢᠲᠤ᠂ ᠡᠷᠬᠢᠮ ᠳᠡᠭᠡᠳᠦ ᠬᠠᠲᠤᠨ ᠮᠠᠰᠠᠺᠣ ᠨᠠᠷ ᠲᠤ 2022 ᠣᠨ ᠤ 11 ᠳ᠋ᠤᠭᠡᠷ ᠰᠠᠷ᠎ᠠ ᠢᠢᠨ 30- ᠍ ᠤ ᠡᠳᠦᠷ ᠡᠵᠡᠨ ᠬᠠᠭᠠᠨ ᠤ ᠣᠷᠳᠣᠨ ᠳᠤ ᠪᠠᠷᠠᠭᠠᠯᠬᠠᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠮᠣᠩ᠋ᠭᠣᠯ ᠤᠯᠤᠰ᠂ ᠶᠠᠫᠣᠨ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠢᠢᠨ ᠬᠦᠷᠢᠶᠡᠨ ᠳᠥ ᠶᠠᠫᠣᠨ ᠤᠯᠤᠰ ᠲᠤ ᠠᠢᠢᠯᠴᠢᠯᠠᠵᠤ᠂ ᠴᠣᠭ ᠵᠢᠪᠬᠤᠯᠠᠩᠲᠤ ᠡᠵᠡᠨ ᠬᠠᠭᠠᠨ ᠨᠠᠷᠤᠬᠢᠲᠤ ᠳᠤ ᠪᠠᠷᠠᠭᠠᠯᠬᠠᠵᠤ ᠪᠠᠢᠢᠭ᠎ᠠ ᠳᠤ ᠪᠠᠨ ᠪᠠᠶᠠᠷᠲᠠᠢ ᠪᠠᠢᠢᠭ᠎ᠠ ᠪᠠᠨ ᠢᠯᠡᠷᠬᠡᠢᠢᠯᠡᠵᠦ᠂ ᠡᠵᠡᠨ ᠬᠠᠭᠠᠨ ᠨᠠᠷᠤᠬᠢᠲᠤ ᠪᠣᠯᠤᠨ ᠶᠠᠫᠣᠨ ᠤ ᠨᠠᠢᠢᠷᠰᠠᠭ ᠠᠷᠠᠳ ᠲᠦᠮᠡᠨ ᠳᠥ ᠮᠣᠩ᠋ᠭᠣᠯ ᠤᠨ ᠠᠷᠠᠳ ᠲᠦᠮᠡᠨ ᠦ ᠬᠠᠯᠠᠭᠤᠨ ᠳᠣᠲᠣᠨᠣ ᠮᠡᠨᠳᠦᠴᠢᠯᠡᠭᠡ ᠢᠢ ᠤᠯᠠᠮᠵᠢᠯᠠᠪᠠ᠃
ᠮᠥᠨ ᠶᠠᠫᠣᠨ ᠤ 《ᠬᠡᠢ=ᠰᠡᠢ》 ᠍ ᠤᠨ ᠣᠨ ᠵᠢᠯ ᠦᠳ ᠲᠥ ᠴᠡᠴᠡᠭᠯᠡᠨ ᠬᠥᠭ᠍ᠵᠢᠭᠰᠡᠨ ᠮᠠᠨ ᠤ ᠬᠣᠶᠠᠷ ᠣᠷᠣᠨ ᠤ ᠰᠲ᠋ᠷᠠᠲ᠋ᠧᠭᠢ ᠢᠢᠨ ᠲᠦᠩᠰᠢᠯᠡᠯ ᠦᠨ ᠬᠠᠷᠢᠯᠴᠠᠭ᠎ᠠ 《ᠷᠡᠢᠢᠸᠠ》 ᠍ ᠤᠨ ᠰᠢᠨ᠎ᠡ ᠡᠷᠢᠨ ᠳᠥ ᠤᠯᠠᠮ ᠪᠠᠲᠤᠵᠢᠨ ᠪᠡᠬᠢᠵᠢᠨ᠎ᠡ ᠭᠡᠳᠡᠭ ᠲᠥ ᠢᠲᠡᠭᠡᠯ ᠲᠡᠢ ᠪᠠᠢᠢᠭ᠎ᠠ ᠪᠠᠨ ᠢᠯᠡᠷᠬᠡᠢᠢᠯᠡᠯ᠎ᠡ᠃
ᠶᠠᠫᠣᠨ ᠤᠯᠤᠰ ᠲᠤ ᠬᠢᠵᠦ ᠪᠤᠢ ᠡᠨᠡ ᠤᠳᠠᠭ᠎ᠠ ᠢᠢᠨ ᠠᠢᠢᠯᠴᠢᠯᠠᠯ ᠢᠶᠠᠷ ᠮᠣᠩ᠋ᠭᠣᠯ᠂ ᠶᠠᠫᠣᠨ ᠤ 《ᠰᠲ᠋ᠷᠠᠲ᠋ᠧᠭᠢ ᠢᠢᠨ ᠲᠦᠩᠰᠢᠯᠡᠯ》 ᠍ ᠦᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ 《ᠡᠩᠬᠡ ᠲᠠᠢᠢᠪᠤᠩ᠂ ᠬᠥᠭ᠍ᠵᠢᠯ ᠴᠡᠴᠡᠭᠯᠡᠯᠲᠡ ᠢᠢᠨ ᠲᠥᠯᠦᠭᠡᠬᠢ ᠲᠤᠰᠬᠠᠢ ᠰᠲ᠋ᠷᠠᠲ᠋ᠧᠭᠢ ᠢᠢᠨ ᠲᠦᠩᠰᠢᠯᠡᠯ》 ᠍ ᠦᠨ ᠰᠢᠨ᠎ᠡ ᠱᠠᠲᠤᠨ ᠳᠤ ᠬᠦᠷᠭᠡᠨ ᠬᠠᠮᠲᠤ ᠢᠢᠨ ᠠᠵᠢᠯᠯᠠᠭᠠᠨ ᠤ ᠬᠡᠲᠦ ᠢᠢᠨ ᠲᠥᠯᠥᠪ᠂ ᠵᠣᠷᠢᠯᠲᠠ ᠢᠢ ᠲᠣᠳᠣᠷᠬᠠᠢᠢᠯᠠᠵᠤ᠂ ᠬᠣᠶᠠᠷ ᠤᠯᠤᠰ ᠤᠨ ᠬᠠᠷᠢᠯᠴᠠᠨ ᠠᠰᠢᠭ ᠲᠠᠢ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠡᠷᠴᠢᠮᠵᠢᠭᠦᠯᠦᠨ ᠬᠥᠭ᠍ᠵᠢᠭᠦᠯᠬᠦ ᠪᠡᠷ ᠲᠣᠬᠢᠷᠠᠭᠰᠠᠨ ᠳᠤ ᠰᠡᠳᠬᠢᠯ ᠬᠠᠩ᠋ᠭᠠᠯᠤᠭᠤᠨ ᠪᠠᠢᠢᠭ᠎ᠠ ᠪᠠᠨ ᠢᠯᠡᠷᠬᠡᠢᠢᠯᠡᠪᠡ᠃
ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠴᠣᠭ ᠵᠢᠪᠬᠤᠯᠠᠩᠲᠤ ᠡᠵᠡᠨ ᠬᠠᠭᠠᠨ ᠨᠠᠷᠤᠬᠢᠲᠤ᠂ ᠡᠷᠬᠢᠮ ᠳᠡᠭᠡᠳᠦ ᠬᠠᠲᠤᠨ ᠮᠠᠰᠠᠺᠣ ᠨᠠᠷ ᠢ ᠲᠠᠭᠠᠯᠠᠮᠵᠢᠲᠠᠢ ᠴᠠᠭ ᠲᠤ ᠪᠠᠨ ᠮᠣᠩ᠋ᠭᠣᠯ ᠤᠯᠤᠰ ᠲᠤ ᠠᠢᠢᠯᠴᠢᠯᠠᠬᠤ ᠢᠢ ᠤᠷᠢᠪᠠ᠃
ᠴᠣᠭ ᠵᠢᠪᠬᠤᠯᠠᠩᠲᠤ ᠡᠵᠡᠨ ᠬᠠᠭᠠᠨ ᠨᠠᠷᠤᠬᠢᠲᠤ ᠮᠣᠩ᠋ᠭᠣᠯ ᠤᠯᠤᠰ᠂ ᠶᠠᠫᠣᠨ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠲᠡᠦᠬᠡᠨ ᠣᠢ ᠡᠨᠡ ᠵᠢᠯ ᠲᠣᠬᠢᠶᠠᠵᠤ᠂ ᠬᠣᠶᠠᠷ ᠣᠷᠣᠨ ᠤ ᠠᠷᠠᠳ ᠲᠦᠮᠡᠨ ᠦ ᠨᠠᠢᠢᠷᠠᠮᠳᠠᠯ᠂ ᠨᠥᠬᠥᠷᠯᠡᠯ ᠤᠯᠠᠮ ᠪᠠᠲᠤᠵᠢᠨ ᠪᠡᠬᠢᠵᠢᠵᠦ ᠪᠠᠢᠢᠭ᠎ᠠ ᠢᠢ ᠲᠡᠮᠳᠡᠭᠯᠡᠭᠡᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠶᠠᠫᠣᠨ ᠤᠯᠤᠰ ᠲᠤ ᠬᠢᠵᠦ ᠪᠤᠢ ᠲᠥᠷᠦ ᠢᠢᠨ ᠠᠢᠢᠯᠴᠢᠯᠠᠯ ᠳᠤ ᠠᠮᠵᠢᠯᠲᠠ ᠬᠦᠰᠡᠪᠡ᠃
ᠴᠣᠭ ᠵᠢᠪᠬᠤᠯᠠᠩᠲᠤ ᠡᠵᠡᠨ ᠬᠠᠭᠠᠨ ᠨᠠᠷᠤᠬᠢᠲᠤ 2007 ᠣᠨ ᠳᠤ ᠤᠭᠰᠠᠭ᠎ᠠ ᠵᠠᠯᠭᠠᠮᠵᠢᠯᠠᠬᠤ ᠬᠤᠩᠲᠠᠢᠢᠵᠢ ᠢᠢᠨ ᠬᠤᠪᠢ ᠪᠠᠷ ᠮᠣᠩ᠋ᠭᠣᠯ ᠤᠯᠤᠰ ᠲᠤ ᠠᠢᠢᠯᠴᠢᠯᠠᠬᠤ ᠦᠶ᠎ᠡ ᠪᠡᠷ ᠮᠣᠩ᠋ᠭᠣᠯ ᠬᠠᠭᠠᠳ ᠤᠨ ᠡᠷᠲᠡᠨ ᠦ ᠥᠯᠥᠭᠡᠢ ᠨᠤᠲᠤᠭ ᠪᠣᠯᠬᠤ ᠬᠠᠷᠠᠬᠣᠷᠢᠨ ᠳᠤ ᠵᠣᠴᠢᠯᠠᠭᠰᠠᠨ ᠪᠣᠯᠤᠨ ᠮᠣᠩ᠋ᠭᠣᠯ ᠤᠯᠤᠰ ᠤᠨ ᠹᠢᠯᠠᠷᠮᠣᠨᠢ ᠢᠢᠨ ᠤᠷᠠᠨ ᠪᠦᠲᠦᠭᠡᠯᠴᠢᠳ ᠲᠡᠢ ᠬᠠᠮᠲᠤᠷᠠᠨ ᠺ ∙ ᠰᠧᠨ ᠰᠠᠨ ᠤ 《ᠬᠤᠨ》ᠠᠶᠠᠯᠭᠤ ᠢᠢ ᠬᠢᠭᠢᠯᠢ ᠬᠥᠭ᠍ᠵᠢᠮ ᠢᠶᠡᠷ ᠲᠣᠭᠯᠠᠵᠤ ᠪᠠᠢᠢᠭᠰᠠᠨ ᠲᠤᠬᠠᠢ ᠳᠤᠷᠠᠰᠤᠮᠵᠢ ᠠᠴᠠ ᠪᠠᠨ ᠬᠤᠪᠢᠶᠠᠯᠴᠠᠨ ᠮᠣᠩ᠋ᠭᠣᠯ ᠤᠯᠤᠰ ᠲᠤ ᠬᠥᠭ᠍ᠵᠢᠯ ᠴᠡᠴᠡᠭᠯᠡᠯᠲᠡ ᠢᠢ ᠢᠷᠦᠭᠡᠪᠡ᠃
ᠪᠠᠷᠠᠭᠠᠯᠬᠠᠯᠲᠠ ᠢᠢᠨ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠭᠡᠷᠭᠡᠢ ᠯᠤᠪᠰᠠᠩᠳᠣᠷᠵᠢ ᠢᠢᠨ ᠪᠣᠯᠣᠷᠴᠡᠴᠡᠭ ᠦᠨ ᠬᠠᠮᠲᠤ ᠶᠠᠫᠣᠨ ᠤᠯᠤᠰ ᠤᠨ ᠴᠣᠭ ᠵᠢᠪᠬᠤᠯᠠᠩᠲᠤ ᠡᠵᠡᠨ ᠬᠠᠭᠠᠨ ᠨᠠᠷᠤᠬᠢᠲᠤ᠂ ᠡᠷᠬᠢᠮ ᠳᠡᠭᠡᠳᠦ ᠬᠠᠲᠤᠨ ᠮᠠᠰᠠᠺᠣ ᠨᠠᠷ ᠢ ᠬᠦᠨᠳᠦᠳᠬᠡᠨ ᠮᠣᠩ᠋ᠭᠣᠯ ᠤᠯᠤᠰ᠂ ᠶᠠᠫᠣᠨ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠢᠢᠨ ᠬᠠᠭᠠᠯᠲᠠ ᠢᠢᠨ ᠠᠷᠭ᠎ᠠ ᠬᠡᠮᠵᠢᠶ᠎ᠡ ᠪᠣᠯᠭᠠᠨ ᠲᠣᠺᠢᠣ᠋ ᠬᠣᠲᠠᠨ ᠠ ᠵᠣᠬᠢᠶᠠᠨ ᠪᠠᠢᠢᠭᠤᠯᠵᠤ ᠪᠤᠢ ᠮᠣᠩ᠋ᠭᠣᠯ ᠤᠯᠤᠰ ᠤᠨ ᠹᠢᠯᠠᠷᠮᠣᠨᠢ ᠢᠢᠨ ᠳᠡᠷᠭᠡᠳᠡᠬᠢ 《ᠮᠣᠷᠢᠨ ᠬᠤᠭᠤᠷ》 ᠴᠢᠭᠤᠯᠭ᠎ᠠ ᠢᠢᠨ ᠲᠣᠭᠯᠠᠯᠲᠠ ᠢᠢ ᠬᠠᠮᠲᠤ ᠳᠤ ᠪᠠᠨ ᠦᠵᠡᠵᠦ ᠰᠣᠨᠢᠷᠬᠠᠪᠠ᠃
ᠮᠣᠩ᠋ᠭᠣᠯ ᠤᠯᠤᠰ᠂ ᠶᠠᠫᠣᠨ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠢᠢᠨ ᠬᠦᠷᠢᠶᠡᠨ ᠳᠦ ᠬᠣᠶᠠᠷ ᠤᠯᠤᠰ ᠤᠨ ᠵᠠᠰᠠᠭ ᠤᠨ ᠭᠠᠵᠠᠷ 2022 ᠣᠨ ᠢ 《ᠮᠣᠩ᠋ᠭᠣᠯ᠂ ᠶᠠᠫᠣᠨ ᠤ ᠬᠡᠦᠬᠡᠳ᠂ ᠵᠠᠯᠠᠭᠤᠴᠤᠳ ᠤᠨ ᠨᠠᠢᠢᠷᠠᠮᠳᠠᠯ᠂ ᠰᠣᠯᠢᠯᠴᠠᠭᠠᠨ ᠤ ᠵᠢᠯ》 ᠍ ᠪᠡᠷ ᠵᠠᠷᠯᠠᠨ ᠵᠢᠯ ᠦᠨ ᠲᠤᠷᠰᠢ ᠶᠣᠰᠣᠯᠠᠯ ᠲᠡᠭᠦᠯᠳᠡᠷ ᠲᠡᠮᠳᠡᠭᠯᠡᠨ ᠥᠩ᠋ᠭᠡᠷᠡᠭᠦᠯᠵᠦ᠂ ᠰᠤᠶᠤᠯ᠂ ᠤᠷᠠᠯᠢᠭ ᠤᠨ 100 ᠭᠠᠷᠤᠢ ᠠᠷᠭ᠎ᠠ ᠬᠡᠮᠵᠢᠶ᠎ᠡ ᠢᠢ ᠬᠠᠮᠲᠤᠷᠠᠨ ᠵᠣᠬᠢᠶᠠᠨ ᠪᠠᠢᠢᠭᠤᠯᠤᠯ᠎ᠠ᠃
ᠶᠠᠫᠣᠨ ᠤ 《NHK》 ᠲᠧᠯᠧᠸᠢᠰ ᠦᠨ ᠶᠡᠬᠡ ᠲᠠᠩᠬᠢᠮ ᠳᠤ 《ᠮᠣᠷᠢᠨ ᠬᠤᠭᠤᠷ》 ᠴᠢᠭᠤᠯᠭ᠎ᠠ ᠪᠥᠷᠢᠨ ᠪᠦᠷᠢᠯᠳᠦᠬᠦᠨ ᠢᠶᠡᠷ ᠢᠶᠡᠨ ᠠᠩᠬ᠎ᠠ ᠤᠳᠤᠭ᠎ᠠ ᠪᠠᠨ ᠲᠣᠭᠯᠠᠯᠲᠠ ᠬᠢᠵᠦ᠂ ᠶᠠᠫᠣᠨ ᠤ ᠣᠯᠠᠨ ᠨᠡᠢᠢᠲᠡ ᠳᠦ ᠮᠣᠷᠢᠨ ᠬᠤᠭᠤᠷ ᠤᠨ ᠭᠠᠢᠢᠬᠠᠮᠰᠢᠭᠲᠤ ᠡᠭᠡᠰᠢᠭ ᠠᠶᠠᠯᠭᠤ ᠢᠢ ᠰᠣᠨᠣᠷᠳᠠᠭᠤᠯᠪᠠ᠃