ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ᠂ᠪᠠᠲᠤᠲᠤᠯᠭ᠎ᠠ ᠥᠨᠥᠳᠥᠷ ᠮᠣᠩᠭ᠋ᠣᠯ ᠤᠯᠤᠰ ᠲᠤ ᠭᠤᠷᠪᠠ ᠳ᠋ᠠᠬᠢ ᠤᠳᠤᠭ᠎ᠠ ᠪᠠᠨ ᠵᠣᠬᠢᠶᠠᠭᠳᠠᠵᠤ ᠪᠤᠢ ᠰᠠᠮᠪᠣ ᠪᠥᠬᠡ ᠢᠢᠨ ᠠᠽᠢᠶ᠎ᠠ ᠲᠢᠢᠪ ᠦᠨ ᠠᠪᠤᠷᠭᠤ ᠰᠢᠯᠭᠠᠷᠠᠭᠤᠯᠬᠤ 25 ᠳ᠋ᠠᠬᠢ ᠤᠳᠠᠭ᠎ᠠ ᠢᠢᠨ ᠲᠡᠮᠡᠴᠡᠭᠡᠨ ᠦ ᠨᠡᠭᠡᠭᠡᠯᠲᠡ ᠳᠥ ᠣᠷᠣᠯᠴᠠᠵᠤ ᠪᠠᠭᠰᠢ᠂ ᠳᠠᠰᠬᠠᠯᠵᠢᠭᠤᠯᠤᠭᠴᠢ᠂ ᠲᠠᠮᠢᠷᠴᠢᠳ ᠲᠤ ᠠᠮᠵᠢᠯᠲᠠ ᠬᠦᠰᠡᠯ᠎ᠡ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ᠂ᠪᠠᠲᠤᠲᠤᠯᠭ᠎ᠠ ᠲᠡᠮᠡᠴᠡᠭᠡᠨ ᠢ ᠨᠡᠭᠡᠭᠡᠵᠦ᠄
《ᠲᠠᠮᠢᠷᠴᠢᠳ᠂ ᠳᠠᠰᠬᠠᠯᠵᠢᠭᠤᠯᠤᠭᠴᠢᠳ ᠠ᠋᠂
ᠰᠫᠣᠷᠲ ᠤᠨ ᠵᠢᠳᠬᠦᠯᠲᠡᠨ ᠨᠦᠭᠦᠳ ᠡ
ᠠᠨᠳᠠ ᠨᠥᠬᠥᠳ ᠡ᠂
ᠲᠠ ᠪᠦᠬᠦᠨ ᠳᠥ ᠮᠣᠩᠭ᠋ᠣᠯ ᠤᠯᠤᠰ ᠲᠤ ᠰᠠᠮᠪᠣ ᠪᠥᠬᠡ ᠢᠢᠨ ᠰᠫᠣᠷᠲ ᠡᠭᠦᠰᠴᠦ ᠬᠥᠭ᠍ᠵᠢᠭᠰᠡᠨ ᠦ ᠲᠡᠦᠬᠡᠲᠦ 50 ᠵᠢᠯ ᠦᠨ ᠣᠢ ᠢᠢᠨ ᠮᠡᠨᠳᠦ ᠢᠢ ᠬᠦᠷᠭᠡᠶ᠎ᠡ᠃
ᠤᠯᠠᠭᠠᠨᠪᠠᠭᠠᠲᠤᠷ ᠬᠣᠲᠠ ᠳᠤ 25 ᠳᠠᠬᠢ ᠤᠳᠠᠭ᠎ᠠ ᠢᠢᠨ ᠰᠠᠮᠪᠣ ᠪᠥᠬᠡ ᠢᠢᠨ ᠠᠽᠢᠶ᠎ᠠ ᠲᠢᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠵᠣᠬᠢᠶᠠᠨ ᠪᠠᠢᠢᠭᠤᠯᠤᠭᠳᠠᠵᠤ ᠪᠠᠢᠢᠭᠠᠳ ᠰᠠᠮᠪᠣᠴᠢᠨ ᠤ ᠬᠤᠪᠢ ᠳᠤ᠂ ᠰᠫᠣᠷᠲ ᠤᠨ ᠵᠢᠳᠬᠦᠯᠲᠡᠨ ᠦ ᠬᠤᠪᠢ ᠳᠤ ᠪᠢ ᠲᠤᠢᠢᠯ ᠠᠴᠠ ᠪᠠᠶᠠᠷᠲᠠᠢ ᠪᠠᠢᠢᠨ᠎ᠠ᠃
ᠰᠠᠮᠪᠣ ᠪᠥᠬᠡ ᠢᠢᠨ ᠠᠽᠢᠶ᠎ᠠ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠮᠣᠩᠭ᠋ᠣᠯ ᠤᠯᠤᠰ ᠭᠤᠷᠪᠠ ᠳ᠋ᠠᠬᠢ ᠤᠳᠤᠭ᠎ᠠ ᠪᠠᠨ ᠵᠣᠬᠢᠶᠠᠨ ᠪᠠᠢᠢᠭᠤᠯᠵᠤ ᠪᠤᠢ ᠪᠥᠭᠡᠳ 21 ᠵᠢᠯ ᠦᠨ ᠳᠠᠷᠠᠭ᠎ᠠ ᠲᠢᠪ ᠦᠨ ᠰᠢᠯᠢᠳᠡᠭ ᠰᠠᠮᠪᠦᠴᠢᠳ ᠬᠦᠴᠦ ᠴᠢᠳᠠᠯ᠂ ᠠᠪᠬᠠᠯᠵᠢ ᠰᠠᠮᠪᠠᠭ᠎ᠠ ᠪᠠᠨ ᠰᠣᠷᠢᠬᠤ ᠪᠠᠷ ᠬᠤᠷᠠᠨ ᠴᠤᠭᠯᠠᠷᠠᠭᠰᠠᠨ ᠳᠤ ᠪᠠᠶᠠᠷᠲᠠᠢ ᠪᠠᠢᠢᠨ᠎ᠠ᠃
ᠪᠠᠭ᠎ᠠ ᠨᠠᠰᠤᠨ ᠠᠴᠠ ᠪᠠᠨ ᠰᠠᠮᠪᠣ ᠪᠥᠬᠡ ᠪᠡᠷ ᠬᠢᠴᠢᠶᠡᠯᠯᠡᠵᠦ ᠲᠣᠳᠣᠷᠬᠠᠢ ᠠᠮᠵᠢᠯᠲᠠᠨ ᠳᠤ ᠬᠦᠷᠦᠭᠰᠡᠨ ᠬᠦᠮᠦᠨ ᠦ ᠬᠤᠪᠢ ᠳᠤ ᠡᠨᠡ ᠰᠫᠣᠷᠲ ᠨᠠᠳᠠ ᠳᠤ ᠶᠡᠬᠡ ᠢᠢ ᠥᠭ᠍ᠭᠦᠭ᠍ᠰᠡᠨ ᠭᠡᠵᠦ ᠲᠠᠯᠠᠷᠬᠠᠵᠤ ᠶᠠᠪᠤᠳᠠᠭ᠃ ᠮᠥᠨ ᠪᠠᠭᠰᠢ ᠨᠠᠷ ᠳᠠᠭᠠᠨ ᠲᠠᠯᠠᠷᠬᠠᠵᠤ᠂ ᠪᠠᠶᠠᠷᠯᠠᠵᠤ ᠶᠠᠪᠤᠳᠠᠭ᠃ ᠰᠫᠣᠷᠲ ᠤᠨ ᠲᠠᠯᠠᠪᠤᠷ ᠲᠤ ᠲᠡᠳᠦᠢ ᠦᠭᠡᠢ ᠠᠮᠢᠳᠤᠷᠠᠯ᠂ ᠪᠢᠽᠢᠨ᠋᠋ᠧᠰ᠂ ᠤᠯᠤᠰ ᠲᠥᠷᠥ ᠳᠥ ᠪᠡᠷᠬᠡᠰᠢᠶᠡᠯ ᠢ ᠳᠠᠪᠠᠵᠤ ᠭᠠᠷᠬᠤ ᠲᠡᠪᠴᠢᠶᠡᠷᠢ᠂ ᠥᠷᠢᠰᠦᠯᠳᠦᠭᠴᠢ ᠪᠡᠨ ᠢᠯᠠᠨ ᠳᠡᠢᠢᠯᠬᠦ ᠤᠬᠠᠭᠠᠨ᠂ ᠪᠡᠶ᠎ᠡ ᠪᠢᠯᠳᠠᠷ ᠤᠨ ᠪᠣᠯᠤᠨ ᠣᠶᠤᠨ ᠰᠠᠨᠠᠭᠠᠨ ᠤ ᠢᠲᠡᠭᠡᠯ ᠢ ᠨᠠᠳᠠ ᠳᠤ ᠰᠠᠮᠪᠣ ᠪᠥᠬᠡ ᠡᠴᠡ ᠠᠪᠤᠭᠰᠠᠨ ᠳᠠᠳᠤᠯ ᠵᠤᠷᠰᠢᠯ᠂ ᠬᠦᠮᠦᠵᠢᠯ ᠥᠭᠴᠦ ᠪᠠᠢᠢᠭᠰᠠᠨ᠃
ᠰᠠᠮᠪᠣ ᠪᠥᠬᠡ ᠨᠢ ᠮᠣᠩᠭ᠋ᠣᠯ ᠬᠦᠮᠦᠨ ᠦ ᠪᠡᠶ᠎ᠡ ᠪᠢᠯᠳᠠᠷ᠂ ᠰᠡᠳᠬᠢᠬᠦᠢ ᠳᠥ ᠶᠡᠬᠡᠳᠡ ᠲᠣᠬᠢᠷᠠᠭᠰᠠᠨ᠂ ᠠᠮᠵᠢᠯᠲᠠ ᠭᠠᠷᠭᠠᠬᠤ ᠥᠷᠭᠡᠨ ᠪᠣᠯᠤᠮᠵᠢ ᠲᠠᠢ ᠰᠫᠣᠷᠲ ᠤᠨ ᠲᠥᠷᠥᠯ ᠪᠥᠭᠡᠳ ᠵᠠᠯᠠᠭᠤ ᠦᠶ᠎ᠡ ᠳᠥ ᠪᠡᠶ᠎ᠡ ᠪᠢᠯᠳᠠᠷ ᠤᠨ ᠬᠦᠮᠦᠵᠢᠯ᠂ ᠶᠣᠰᠣ ᠰᠤᠷᠲᠠᠬᠤᠨ ᠤ ᠲᠥᠯᠦᠪᠰᠢᠯ᠂ ᠥᠪᠡᠷᠲᠡᠭᠡᠨ ᠢᠲᠡᠭᠡᠬᠦ ᠢᠲᠡᠭᠡᠯ᠂ ᠢᠯᠠᠯᠲᠠ ᠢᠢᠨ ᠲᠥᠯᠥᠭᠡ ᠲᠡᠮᠡᠴᠡᠬᠦ ᠲᠡᠪᠴᠢᠶᠡᠷᠢ᠂ ᠵᠢᠳᠬᠦᠯ ᠢ ᠣᠯᠭᠤᠳᠠᠭ ᠰᠫᠣᠷᠲ ᠶᠤᠮ᠃
ᠡᠨᠡ ᠰᠫᠣᠷᠲ ᠲᠠᠢ ᠬᠣᠯᠪᠣᠭᠠᠲᠠᠢ᠂ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ᠂ ᠳᠡᠯᠡᠬᠡᠢ ᠢᠢᠨ ᠴᠣᠮᠣ ᠢᠢᠨ ᠠᠪᠤᠷᠭᠤ ᠪᠣᠯᠵᠤ ᠪᠠᠢᠢᠭᠰᠠᠨ ᠬᠦᠮᠦᠨ ᠦ ᠬᠤᠪᠢ ᠳᠤ ᠮᠢᠨᠦ ᠵᠦᠭ ᠡᠴᠡ ᠰᠠᠮᠪᠣ ᠪᠥᠬᠡ ᠢᠢᠨ ᠰᠫᠣᠷᠲ ᠢ ᠬᠥᠭ᠍ᠵᠢᠭᠦᠯᠬᠦ᠂ ᠡᠬᠡ ᠣᠷᠣᠨ ᠳᠤ ᠪᠠᠨ ᠣᠯᠠᠨ ᠤᠯᠤᠰ᠂ ᠲᠢᠢᠪ᠂ ᠳᠡᠯᠡᠬᠡᠢ ᠢᠢᠨ ᠬᠡᠮᠵᠢᠶᠡᠨ ᠦ ᠲᠡᠮᠡᠴᠡᠭᠡᠨ ᠢ ᠵᠣᠬᠢᠶᠠᠨ ᠪᠠᠢᠢᠭᠤᠯᠬᠤ ᠢᠢ ᠳᠡᠮᠵᠢᠨ ᠠᠵᠢᠯᠯᠠᠵᠤ ᠪᠠᠢᠢᠭᠰᠠᠨ᠂ ᠠᠵᠢᠯᠯᠠᠵᠤ ᠪᠠᠢᠢᠭ᠎ᠠ᠂ ᠴᠢᠨᠠᠭᠰᠢᠳᠠ ᠴᠤ ᠳᠡᠮᠵᠢᠬᠦ ᠪᠣᠯᠤᠨ᠎ᠠ᠃
ᠲᠠ ᠪᠦᠬᠦᠨ ᠳᠥ ᠰᠫᠣᠷᠲ ᠤᠨ ᠥᠨᠳᠥᠷ ᠠᠮᠵᠢᠯᠲᠠ ᠢᠷᠦᠭᠡᠶ᠎ᠡ᠃
ᠰᠢᠳᠤᠷᠭᠤ ᠥᠷᠢᠰᠦᠯᠳᠦᠵᠦ᠂ ᠤᠷᠠᠨ ᠭᠣᠶᠣ ᠪᠠᠷᠢᠯᠳᠤᠭᠠᠨ ᠢᠶᠠᠷ ᠦᠵᠡᠭᠴᠢ ᠣᠯᠠᠨ ᠢᠶᠠᠨ ᠪᠠᠶᠠᠰᠬᠠᠭᠠᠷᠠᠢ᠃
ᠪᠠᠶᠠᠷᠯᠠᠯ᠎ᠠ ᠲᠠ ᠪᠦᠬᠦᠨ ᠳᠥ》 ᠭᠡᠰᠡᠨ ᠶᠤᠮ᠃
ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ᠂ᠪᠠᠲᠤᠲᠤᠯᠭ᠎ᠠ ᠦᠭᠡ ᠬᠡᠯᠡᠭᠰᠡᠨ ᠦ ᠪᠡᠨ ᠳᠠᠷᠠᠭ᠎ᠠ ᠰᠠᠮᠪᠣ ᠪᠥᠬᠡ ᠢᠢᠨ ᠠᠽᠢᠶ᠎ᠠ ᠲᠢᠢᠪ ᠦᠨ ᠠᠪᠤᠷᠭᠤ ᠰᠢᠯᠭᠠᠷᠠᠭᠤᠯᠬᠤ 25 ᠳ᠋ᠠᠬᠢ ᠤᠳᠠᠭ᠎ᠠ ᠢᠢᠨ ᠲᠡᠮᠡᠴᠡᠭᠡᠨ ᠦ ᠶᠣᠰᠣᠯᠠᠯ ᠤᠨ ᠠᠵᠢᠯᠯᠠᠭ᠎ᠠ ᠠᠯᠪᠠᠨ ᠶᠣᠰᠣᠭᠠᠷ ᠨᠡᠭᠡᠭᠡᠵᠦ ᠪᠠᠢᠢᠭ᠎ᠠ ᠢᠢ ᠮᠡᠳᠡᠭᠳᠡᠵᠦ ᠬᠠᠷᠠᠩᠭ᠋ᠠ ᠴᠤᠬᠢᠪᠠ᠃
ᠥᠨᠥᠳᠥᠷ ᠢ ᠬᠦᠷᠲᠡᠯ᠎ᠡ ᠮᠣᠩᠭ᠋ᠤᠯ ᠤᠯᠤᠰ ᠡᠴᠡ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ 37 ᠲᠥᠷᠦᠭᠰᠡᠨ ᠦ ᠨᠢᠭᠡ ᠨᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ᠂ᠪᠠᠲᠤᠲᠤᠯᠭ᠎ᠠ ᠪᠥᠭᠡᠳ ᠲᠡᠷᠡᠪᠡᠷ 1983 ᠣᠨ ᠳᠤ ᠦᠺᠷᠠᠢᠢᠨ ᠤ ᠺᠢᠶᠠᠪ ᠬᠣᠲᠠᠨ᠎ᠠ ᠪᠣᠯᠤᠭᠰᠠᠨ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥ ᠣᠷᠣᠯᠴᠠᠵᠤ᠂ ᠲᠦᠷᠦᠭᠦᠯᠡᠭᠰᠡᠨ ᠶᠤᠮ᠃ ᠮᠥᠨ 1986 ᠪᠣᠯᠤᠨ 1990 ᠣᠨ ᠳᠤ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠮᠥᠩᠭᠥᠨ ᠮᠧᠳᠠᠯ ᠬᠦᠷᠲᠡᠵᠦ ᠪᠠᠢᠢᠭᠰᠠᠨ ᠶᠤᠮ᠃ ᠡᠨᠡ ᠲᠥᠷᠥᠯ ᠡᠴᠡ 37 ᠳᠡᠯᠡᠬᠡᠢ ᠢᠢᠨ ᠠᠪᠤᠷᠭᠤ ᠲᠦᠷᠦᠭᠰᠡᠨ ᠨᠢ ᠮᠣᠩᠭ᠋ᠣᠯ ᠤᠯᠤᠰ ᠲᠤ ᠬᠥᠭ᠍ᠵᠢᠵᠦ ᠪᠠᠢᠢᠭ᠎ᠠ ᠰᠫᠣᠷᠲ ᠤᠨ ᠪᠦᠬᠦ ᠲᠥᠷᠥᠯ ᠡᠴᠡ ᠬᠠᠮᠤᠭ ᠤᠨ ᠥᠨᠳᠥᠷ ᠦᠵᠡᠭᠦᠯᠦᠯᠲᠡ ᠪᠥᠭᠡᠳ 52 ᠲᠠᠮᠢᠷᠴᠢᠨ᠂ ᠳᠠᠰᠬᠠᠯᠵᠢᠭᠤᠯᠤᠭᠴᠢ ᠡᠨᠡ ᠰᠫᠣᠷᠲ ᠠᠴᠠ ᠭᠠᠪᠢᠶᠠᠲᠤ ᠴᠣᠯᠠ ᠬᠦᠷᠲᠡᠵᠦ ᠪᠠᠢᠢᠵᠠᠢ᠃ ᠮᠣᠩᠭ᠋ᠣᠯ ᠤᠨ ᠰᠠᠮᠪᠦᠴᠢᠳ 1973 ᠣᠨ ᠠᠴᠠ ᠲᠢᠢᠪ᠂ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥ ᠲᠠᠰᠤᠷᠠᠯᠲᠠ ᠦᠭᠡᠢ ᠣᠷᠣᠯᠴᠠᠵᠤ ᠪᠠᠢᠢᠭ᠎ᠠ ᠪᠥᠭᠡᠳ ᠲᠢᠢᠪ᠂ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ 57 ᠠᠯᠲᠠ᠂ 21 ᠮᠥᠩᠭᠥ᠂ 28 ᠬᠦᠷᠡᠯ ᠮᠧᠳᠠᠯ ᠠᠪᠤᠭᠰᠠᠨ ᠪᠠᠢᠢᠳᠠᠭ ᠪᠠᠢᠢᠨ᠎ᠠ᠃