ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠯᠰᠦ᠋ᠬᠡ ᠵᠠᠷᠯᠢᠭ ᠭᠠᠷᠭᠠᠨ ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠦ 860 ᠵᠢᠯ ᠦᠨ ᠣᠢ᠂ 《ᠮᠣᠩ᠋ᠭᠣᠯ ᠪᠠᠬᠠᠷᠬᠠᠯ ᠤᠨ ᠡᠳᠦᠷ》 ᠍ ᠢ ᠲᠣᠬᠢᠶᠠᠯᠳᠤᠭᠤᠯᠤᠨ ᠠᠮᠧᠷᠢᠺᠠ ᠢᠢᠨ ᠨᠢᠭᠡᠳᠦᠭᠰᠡᠨ ᠤᠯᠤᠰ ᠤᠨ ᠢᠷᠭᠡᠨ᠂ ᠡᠷᠳᠡᠮᠲᠡᠨ ᠰᠤᠳᠤᠯᠤᠭᠠᠴᠢ ᠵᠠᠺ ᠤᠧᠲ᠋ᠧᠷᠹᠣᠷᠲ᠂ ᠠᠺᠠᠳᠧᠮᠢᠴᠢ ᠳᠡ᠂ ᠳᠣᠷᠵᠢᠭᠣᠲᠤᠪ ᠨᠠᠷ ᠲᠤ 《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠬᠦᠷᠲᠡᠭᠡᠪᠡ᠃
ᠱᠠᠩᠨᠠᠯ ᠭᠠᠷᠳᠠᠭᠤᠯᠤᠭᠰᠠᠨ ᠤ ᠳᠠᠷᠠᠭ᠎ᠠ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃
ᠶᠡᠬᠡ ᠮᠣᠩ᠋ᠭᠣᠯ ᠤᠯᠤᠰ ᠤᠨ ᠭᠠᠯ ᠭᠣᠯᠣᠮᠲᠠ ᠢᠢ ᠰᠠᠬᠢᠨ ᠰᠠᠭᠤᠭ᠎ᠠ ᠮᠠᠨ ᠤ ᠤᠯᠤᠰ ᠤᠨ ᠠᠷᠠᠳ ᠢᠷᠭᠡᠳ ᠡ᠂
ᠳᠡᠯᠡᠬᠡᠢ ᠳᠠᠶᠠᠭᠠᠷ ᠲᠠᠷᠬᠠᠨ ᠰᠠᠭᠤᠭ᠎ᠠ ᠡᠯᠢᠭᠡ ᠨᠢᠭᠡᠲᠦ ᠮᠣᠩ᠋ᠭᠣᠯ ᠠᠬᠠᠨ ᠳᠡᠭᠦᠰ ᠡ᠂
ᠡᠷᠬᠢᠮ ᠬᠦᠨᠳᠦᠳᠥ ᠵᠣᠴᠢᠳ ᠠ᠋᠃
ᠲᠠ ᠪᠦᠬᠦᠨ ᠳᠥ ᠳᠡᠯᠡᠬᠡᠢ ᠢᠢᠨ ᠮᠢᠩ᠋ᠭᠠᠨ ᠤ ᠰᠤᠤᠲᠤ ᠬᠥᠮᠥᠨ᠂ ᠥᠨᠥ ᠢᠢᠨ ᠳᠡᠯᠡᠬᠡᠢ ᠶᠢᠷᠲᠢᠨᠴᠦ ᠢᠢ ᠦᠨᠳᠦᠰᠦᠯᠡᠭᠴᠢᠳ ᠦᠨ ᠨᠢᠭᠡ᠂ ᠠᠤᠭ᠎ᠠ ᠶᠡᠬᠡ ᠴᠡᠷᠢᠭ ᠦᠨ ᠵᠠᠩᠵᠤᠨ᠂ ᠬᠠᠭᠠᠳ ᠤᠨ ᠬᠠᠭᠠᠨ ᠶᠡᠬᠡ ᠡᠵᠡᠨ ᠴᠢᠩ᠋ᠭᠢᠰ ᠬᠠᠭᠠᠨ ᠤ ᠮᠡᠨᠳᠦᠯᠡᠭᠰᠡᠨ ᠦ 860 ᠵᠢᠯ ᠦᠨ ᠣᠢ᠂ 《ᠮᠣᠩ᠋ᠭᠣᠯ ᠪᠠᠬᠠᠷᠬᠠᠯ ᠤᠨ ᠡᠳᠦᠷ》᠍ ᠦᠨ ᠮᠡᠨᠳᠦ ᠢᠢ ᠡᠷᠭᠦᠨ ᠳᠡᠪᠰᠢᠭᠦᠯᠦᠶ᠎ᠡ᠃
ᠶᠡᠬᠡ ᠡᠵᠡᠨ ᠴᠢᠩ᠋ᠭᠢᠰ ᠬᠠᠭᠠᠨ ᠪᠣᠯ ᠮᠣᠩ᠋ᠭᠣᠯ ᠤᠯᠤᠰ ᠤᠨ ᠣᠷᠣᠰᠢᠨ ᠲᠣᠭᠲᠠᠨᠢᠬᠤᠢ ᠢᠢᠨ ᠪᠠᠲᠤᠯᠠᠭ᠎ᠠ᠂ ᠮᠣᠩ᠋ᠭᠣᠯ ᠦᠨᠳᠦᠰᠦᠲᠡᠨ ᠦ ᠡᠪ ᠨᠢᠭᠡᠳᠦᠯ ᠦᠨ ᠪᠡᠯᠭᠡᠳᠡᠯ᠂ ᠮᠣᠩ᠋ᠭᠣᠯᠴᠤᠳ ᠤᠨ ᠡᠷᠲᠡ᠂ ᠡᠳᠦᠭᠡ᠂ ᠢᠷᠡᠭᠡᠳᠦᠢ ᠭᠤᠷᠪᠠᠨ ᠴᠠᠭ ᠤᠨ ᠣᠶᠤᠨ ᠰᠠᠨᠠᠭᠠᠨ ᠤ ᠠᠯᠲᠠᠨ ᠬᠡᠯᠬᠢᠶ᠎ᠡ ᠶᠤᠮ᠃
ᠴᠢᠩ᠋ᠭᠢᠰ ᠬᠠᠭᠠᠨ ᠣᠯᠠᠨ ᠮᠣᠩ᠋ᠭᠣᠯ ᠣᠪᠤᠭ ᠠᠢᠢᠮᠠᠭ ᠢ ᠨᠢᠭᠡᠳᠬᠡᠨ ᠶᠡᠬᠡ ᠮᠣᠩ᠋ᠭᠣᠯ ᠤᠯᠤᠰ ᠢᠶᠠᠨ ᠪᠠᠢᠢᠭᠤᠯᠵᠤ᠂ ᠡᠷᠲᠡᠨ ᠦ ᠲᠡᠦᠬᠡᠲᠦ ᠮᠣᠩ᠋ᠭᠣᠯ ᠲᠥᠷᠥ ᠢᠢᠨ ᠠᠯᠲᠠᠨ ᠠᠷᠭᠠᠮᠵᠢ ᠢᠢ ᠪᠠᠲᠤᠳᠬᠠᠨ ᠪᠡᠬᠢᠵᠢᠭᠦᠯᠵᠦ᠂ ᠮᠣᠩ᠋ᠭᠣᠯᠴᠤᠳ ᠪᠢᠳᠡᠨ ᠦ ᠲᠡᠦᠬᠡᠨ ᠳᠥ ᠠᠯᠲᠠᠨ ᠦᠰᠦᠭ ᠢᠶᠡᠷ ᠲᠡᠮᠳᠡᠭᠯᠡᠭᠳᠡᠨ ᠦᠯᠡᠳᠡᠵᠦ᠂ ᠦᠶ᠎ᠡ ᠢᠢᠨ ᠦᠶ᠎ᠡ ᠳᠥ ᠮᠥᠩᠬᠡᠵᠢᠨ ᠳᠠᠭᠤᠷᠢᠰᠠᠭᠳᠠᠬᠤ ᠠᠤᠭ᠎ᠠ ᠶᠡᠬᠡ ᠠᠯᠳᠠᠷ ᠭᠠᠪᠢᠶ᠎ᠠ ᠢᠢ ᠪᠠᠢᠢᠭᠤᠯᠤᠭᠰᠠᠨ ᠪᠢᠯᠡ᠃ ᠴᠢᠩ᠋ᠭᠢᠰ ᠬᠠᠭᠠᠨ ᠤ ᠲᠡᠦᠬᠡ ᠪᠣᠯ ᠳᠠᠩ ᠭᠠᠭᠴᠠ ᠮᠣᠩ᠋ᠭᠣᠯᠴᠤᠳ ᠤᠨ ᠲᠡᠦᠬᠡ ᠪᠢᠰᠢ᠂ ᠳᠡᠯᠡᠬᠡᠢ ᠶᠢᠷᠲᠢᠨᠴᠦ ᠢᠢᠨ ᠲᠡᠦᠬᠡ ᠶᠤᠮ᠃
ᠡᠵᠡᠨ ᠴᠢᠩ᠋ᠭᠢᠰ ᠬᠠᠭᠠᠨ ᠪᠣᠯ ᠮᠣᠩ᠋ᠭᠣᠯ ᠦᠨᠳᠦᠰᠦᠲᠡᠨ ᠦ ᠲᠤᠰᠠᠭᠠᠷ ᠲᠣᠭᠲᠠᠨᠢᠯ᠂ ᠡᠪ ᠨᠢᠭᠡᠳᠦᠯ ᠦᠨ ᠪᠠᠲᠤᠯᠠᠭ᠎ᠠ᠂ ᠮᠠᠨ ᠤ ᠠᠷᠠᠳ ᠲᠦᠮᠡᠨ ᠦ ᠦᠨᠡᠲᠦ ᠵᠦᠢᠯ᠂ ᠣᠶᠤᠨ ᠰᠠᠨᠠᠭᠠᠨ ᠤ ᠡᠬᠡ ᠤᠨᠳᠤᠷᠭ᠎ᠠ ᠪᠣᠯᠤᠭᠰᠠᠨ ᠥᠨᠢ ᠮᠥᠩᠬᠡ ᠢᠢᠨ ᠡᠵᠡᠨ ᠬᠠᠭᠠᠨ ᠮᠥᠨ᠃
ᠶᠡᠬᠡ ᠡᠵᠡᠨ ᠴᠢᠩ᠋ᠭᠢᠰ ᠬᠠᠭᠠᠨ ᠪᠣᠯ ᠡᠪᠦᠭᠡ ᠳᠡᠭᠡᠳᠦᠰ ᠦᠨ ᠢᠶᠡᠨ ᠪᠠᠢᠢᠭᠤᠯᠤᠭᠰᠠᠨ ᠲᠥᠷᠥ ᠲᠥ ᠶᠣᠰᠣᠨ ᠤ ᠲᠡᠦᠬᠡ ᠢᠢ ᠤᠯᠠᠮᠵᠢᠯᠠᠨ᠂ ᠲᠥᠷᠥ ᠤᠯᠤᠰ᠂ ᠲᠦᠮᠡᠨ ᠣᠯᠠᠨ ᠢᠶᠠᠨ ᠵᠠᠰᠠᠬᠤ ᠪᠢᠯᠢᠭ᠌ ᠤᠬᠠᠭᠠᠨ ᠢ ᠥᠪᠯᠡᠨ᠂ ᠵᠣᠨ ᠣᠯᠠᠨ ᠤ ᠪᠠᠨ ᠰᠡᠳᠬᠢᠯ ᠢ ᠬᠤᠷᠢᠶᠠᠵᠤ᠂ ᠢᠲᠡᠭᠡᠯ ᠢ ᠲᠡᠳᠬᠦᠨ᠂ ᠥᠩ᠋ᠭᠡᠷᠡᠭᠰᠡᠨ ᠢᠶᠡᠨ ᠰᠠᠨᠠᠵᠤ᠂ ᠣᠳᠤ ᠪᠠᠨ ᠮᠡᠳᠡᠵᠦ᠂ ᠢᠷᠡᠭᠡᠳᠦᠢ ᠪᠡᠨ ᠲᠠᠨᠢᠳᠠᠭ᠂ ᠶᠢᠷᠲᠢᠨᠴᠦ ᠢᠢᠨ ᠲᠡᠦᠬᠡ ᠢᠢ ᠪᠦᠲᠦᠭᠡᠬᠦ ᠳᠥ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠣᠭᠤᠯᠤᠭᠰᠠᠨ ᠠᠤᠭ᠎ᠠ ᠬᠥᠮᠥᠨ ᠪᠢᠯᠡ᠃
ᠲᠡᠢᠢᠮᠦ ᠡᠴᠡ ᠮᠣᠩ᠋ᠭᠣᠯᠴᠤᠳ ᠪᠢᠳᠡ ᠶᠡᠬᠡ ᠬᠠᠭᠠᠨ ᠤ ᠪᠠᠨ ᠪᠢᠯᠢᠭ᠌ ᠰᠤᠷᠭᠠᠯ ᠢ ᠲᠠᠨᠢᠨ ᠮᠡᠳᠡᠵᠦ᠂ ᠳᠠᠭᠠᠨ ᠮᠥᠷᠳᠡᠵᠦ᠂ ᠲᠡᠭᠦᠨ ᠦ ᠥᠪᠯᠡᠭᠦᠯᠦᠨ ᠦᠯᠡᠳᠡᠭᠡᠭ᠍ᠰᠡᠨ ᠡᠬᠡ ᠲᠡᠦᠬᠡ᠂ ᠶᠡᠬᠡ ᠥᠪ ᠢ ᠰᠤᠷᠪᠤᠯᠵᠢᠯᠠᠨ ᠰᠤᠳᠤᠯᠵᠤ᠂ ᠰᠤᠷᠲᠠᠯᠴᠢᠯᠠᠨ ᠲᠠᠨᠢᠭᠤᠯᠵᠤ᠂ ᠲᠦᠭᠡᠭᠡᠨ ᠳᠡᠯᠭᠡᠷᠡᠭᠦᠯᠵᠦ᠂ ᠲᠡᠭᠦᠨ ᠦ ᠪᠠᠢᠢᠭᠤᠯᠤᠭᠰᠠᠨ ᠶᠡᠬᠡ ᠮᠣᠩ᠋ᠭᠣᠯ ᠤᠯᠤᠰ ᠤᠨ ᠭᠠᠯ ᠭᠣᠯᠣᠮᠲᠠ ᠢᠢ ᠥᠨᠢ ᠮᠥᠩᠬᠡᠳᠡ ᠪᠠᠳᠠᠷᠠᠭᠠᠵᠤ ᠶᠠᠪᠤᠬᠤ ᠵᠢᠷᠤᠮᠲᠤ ᠡᠭᠦᠷᠭᠡ ᠲᠡᠢ᠃
ᠡᠨᠡᠬᠦ ᠵᠢᠷᠤᠮᠲᠤ ᠡᠭᠦᠷᠭᠡ ᠢᠢ ᠪᠡᠶᠡᠯᠡᠭᠦᠯᠬᠦ ᠦᠢᠯᠡ ᠬᠡᠷᠡᠭ ᠲᠥ ᠣᠨᠤᠴᠤᠭᠠᠢ ᠭᠠᠪᠢᠶ᠎ᠠ ᠪᠠᠢᠢᠭᠤᠯᠤᠭᠰᠠᠨ ᠮᠣᠩ᠋ᠭᠣᠯ ᠤᠯᠤᠰ ᠤᠨ ᠢᠷᠭᠡᠨ᠂ ᠬᠠᠤᠯᠢ ᠢᠢᠨ ᠡᠲᠡᠭᠡᠳ᠂ ᠭᠠᠳᠠᠭᠠᠳᠤ ᠣᠷᠣᠨ ᠤ ᠢᠷᠭᠡᠨ᠂ ᠲᠥᠷᠥ ᠨᠡᠢᠢᠭᠡᠮ ᠤᠨ ᠵᠢᠳᠬᠦᠯᠲᠡᠨ ᠳᠥ ᠲᠥᠷᠥ ᠢᠢᠨ ᠳᠡᠭᠡᠳᠦ ᠱᠠᠩᠨᠠᠯ 《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠰᠣᠶᠣᠷᠬᠠᠨ ᠭᠠᠷᠳᠠᠭᠤᠯᠳᠠᠭ ᠰᠠᠢᠢᠬᠠᠨ ᠤᠯᠠᠮᠵᠢᠯᠠᠯ ᠲᠠᠢ᠃
ᠡᠨᠡ ᠵᠢᠯ ᠡᠵᠡᠨ ᠴᠢᠩ᠋ᠭᠢᠰ ᠬᠠᠭᠠᠨ ᠪᠣᠯᠤᠨ ᠲᠡᠭᠦᠨ ᠦ ᠦᠢᠯᠡ ᠬᠡᠷᠡᠭ᠂ ᠭᠠᠪᠢᠶ᠎ᠠ ᠵᠢᠳᠬᠦᠯ ᠢ ᠰᠤᠷᠪᠤᠯᠵᠢᠯᠠᠨ ᠰᠤᠳᠤᠯᠵᠤ᠂ ᠳᠡᠯᠡᠬᠡᠢ ᠢᠢᠨ ᠣᠯᠠᠨ ᠠᠷᠠᠳ ᠲᠦᠮᠡᠨ ᠳᠥ ᠰᠢᠨᠵᠢᠯᠡᠬᠦ ᠤᠬᠠᠭᠠᠨ ᠤ ᠦᠨᠳᠦᠰᠦᠯᠡᠯ ᠲᠡᠢ ᠪᠡᠷ ᠰᠤᠷᠲᠠᠯᠴᠢᠯᠠᠨ ᠲᠠᠨᠢᠭᠤᠯᠬᠤ ᠳᠤ ᠣᠨᠤᠴᠤᠭᠠᠢ ᠬᠤᠪᠢ ᠨᠡᠮᠡᠷᠢ ᠣᠷᠣᠭᠤᠯᠤᠭᠰᠠᠨ ᠠᠮᠧᠷᠢᠺᠠ ᠢᠢᠨ ᠡᠷᠳᠡᠮᠲᠡᠨ ᠰᠤᠳᠤᠯᠤᠭᠠᠴᠢ᠂ ᠳ᠋ᠣᠺᠲ᠋ᠣᠷ᠂ ᠫᠷᠣᠹᠧᠰᠰᠣᠷ ᠵᠡᠺ ᠤᠧᠲ᠋ᠧᠷᠹᠣᠷᠲ ᠪᠣᠯᠤᠨ ᠶᠡᠬᠡ ᠬᠠᠭᠠᠨ ᠤ ᠮᠣᠩ᠋ᠭᠣᠯ ᠲᠦᠮᠡᠨ ᠳᠥ ᠥᠪᠯᠡᠭᠦᠯᠦᠨ ᠦᠯᠡᠳᠡᠭᠡᠭ᠍ᠰᠡᠨ ᠡᠬᠡ ᠣᠷᠣᠨ ᠤ ᠪᠠᠨ ᠭᠠᠵᠠᠷ ᠨᠤᠲᠤᠭ᠂ ᠬᠥᠷᠥᠰᠥ ᠰᠢᠷᠣᠢ᠂ ᠴᠠᠭ ᠠᠭᠤᠷ᠂ ᠪᠠᠢᠢᠭᠠᠯᠢ ᠣᠷᠴᠢᠨ ᠤ ᠰᠤᠳᠤᠯᠤᠯ ᠳᠤ ᠵᠢᠩᠲᠡᠢ ᠬᠤᠪᠢ ᠨᠡᠮᠡᠷᠢ ᠣᠷᠣᠭᠤᠯᠤᠭᠰᠠᠨ ᠠᠺᠠᠳᠧᠮᠢᠴᠢ᠂ ᠰᠢᠨᠵᠢᠯᠡᠬᠦ ᠤᠬᠠᠭᠠᠨ ᠤ ᠳ᠋ᠣᠺᠲ᠋ᠣᠷ᠂ ᠫᠷᠣᠹᠧᠰᠰᠣᠷ ᠳᠡᠴᠢᠩ᠋ᠭᠦᠩ᠋ᠭᠠ ᠢᠢᠨ ᠳᠣᠷᠵᠢᠭᠣᠲᠤᠪ ᠨᠠᠷ ᠢ ᠮᠣᠩ᠋ᠭᠣᠯ ᠤᠯᠤᠰ ᠤᠨ ᠲᠥᠷᠥ ᠢᠢᠨ ᠳᠡᠭᠡᠳᠦ ᠱᠠᠩᠨᠠᠯ 《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠢᠶᠠᠷ ᠱᠠᠩᠨᠠᠨ ᠠᠯᠳᠠᠷᠰᠢᠭᠤᠯᠵᠤ ᠪᠠᠢᠢᠨ᠎ᠠ᠃
《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠬᠦᠷᠲᠡᠭᠰᠡᠨ ᠡᠷᠬᠢᠮ ᠬᠦᠨᠳᠦᠳᠥ ᠵᠠᠺ ᠤᠧᠲ᠋ᠧᠷᠹᠣᠷᠲ᠂ ᠳᠡᠴᠢᠩ᠋ᠭᠦᠩ᠋ᠭᠠ ᠢᠢᠨ ᠳᠣᠷᠵᠢᠭᠣᠲᠤᠪ ᠨᠠᠷ ᠲᠤ ᠠᠷᠠᠳ ᠲᠦᠮᠡᠨ ᠦ ᠪᠡᠨ ᠨᠡᠷ᠎ᠡ ᠢᠢᠨ ᠡᠮᠦᠨ᠎ᠡ ᠡᠴᠡ ᠴᠢᠨᠭ᠌ ᠰᠡᠳᠬᠢᠯ ᠦᠨ ᠬᠠᠯᠠᠭᠤᠨ ᠪᠠᠶᠠᠷ ᠬᠦᠷᠭᠡᠶ᠎ᠡ᠃
ᠡᠷᠬᠢᠮ ᠨᠥᠬᠥᠳ ᠡ᠂
ᠫᠷᠣᠹᠧᠰᠰᠣᠷ ᠵᠠᠺ ᠤᠧᠲ᠋ᠧᠷᠹᠣᠷᠲ ᠪᠣᠯ ᠠᠮᠧᠷᠢᠺᠠ ᠢᠢᠨ ᠤᠯᠤᠰ ᠲᠥᠷᠥ ᠢᠢᠨ ᠲᠡᠦᠬᠡ᠂ ᠮᠣᠩ᠋ᠭᠣᠯ ᠤᠨ ᠲᠡᠦᠬᠡ᠂ ᠲᠡᠷᠡ ᠳᠤᠮᠳᠠ ᠪᠠᠨ ᠴᠢᠩ᠋ᠭᠢᠰ ᠬᠠᠭᠠᠨ᠂ ᠮᠣᠩ᠋ᠭᠣᠯ ᠤᠨ ᠡᠵᠡᠨᠲᠦ ᠭᠦᠷᠦᠨ ᠦ ᠲᠠᠯ᠎ᠠ ᠪᠠᠷ ᠲᠣᠮᠣᠬᠠᠨ ᠰᠤᠳᠤᠯᠭᠠᠨ ᠤ ᠠᠵᠢᠯ ᠤᠳ ᠬᠢᠵᠦ᠂ ᠣᠯᠠᠨ ᠠᠷᠪᠠᠨ ᠨᠣᠮ ᠪᠦᠲᠦᠭᠡᠯ ᠲᠤᠭᠤᠷᠪᠢᠨ᠂ ᠣᠯᠠᠨ ᠤᠯᠤᠰ ᠲᠤ ᠥᠨᠳᠥᠷ ᠢᠶᠡᠷ ᠦᠨᠡᠯᠡᠭᠳᠡᠭᠰᠡᠨ ᠨᠡᠷᠡᠲᠦ ᠡᠷᠳᠡᠮᠲᠡᠨ ᠰᠤᠳᠤᠯᠤᠭᠠᠴᠢ ᠶᠤᠮ᠃
ᠲᠡᠷᠡ ᠪᠡᠷ᠎ᠡ 2004 ᠣᠨ ᠳᠤ 《ᠥᠨᠥ ᠢᠢᠨ ᠶᠢᠷᠲᠢᠨᠴᠦ ᠢᠢ ᠦᠨᠳᠦᠰᠦᠯᠡᠭᠴᠢ ᠴᠢᠩ᠋ᠭᠢᠰ ᠬᠠᠭᠠᠨ》 ᠬᠡᠮᠡᠬᠦ ᠪᠦᠲᠦᠭᠡᠯ ᠢᠶᠡᠨ ᠬᠡᠪᠯᠡᠭᠦᠯᠦᠭᠰᠡᠨ ᠪᠥᠭᠡᠳ ᠲᠡᠭᠦᠨ ᠦ ᠡᠨᠡ ᠪᠦᠲᠦᠭᠡᠯ 《ᠨᠢᠶᠤ-ᠢᠣᠷᠺ ᠲᠠᠢᠢᠮᠰ》 ᠰᠣᠨᠢᠨ ᠤ ᠰᠢᠯᠢᠳᠡᠭ ᠪᠦᠲᠦᠭᠡᠯ ᠢᠶᠡᠷ ᠰᠢᠯᠭᠠᠷᠴᠤ᠂ 20 ᠭᠠᠷᠤᠢ ᠣᠷᠣᠨ ᠤ ᠬᠡᠯᠡ ᠪᠡᠷ ᠣᠷᠴᠢᠭᠤᠯᠤᠭᠳᠠᠨ ᠬᠡᠪᠯᠡᠭᠳᠡᠵᠦ ᠳᠡᠯᠡᠬᠡᠢ ᠨᠡᠢᠢᠲᠡ ᠢᠢᠨ ᠬᠦᠷᠲᠡᠭᠡᠯ ᠪᠣᠯᠤᠭᠰᠠᠨ ᠶᠤᠮ᠃
ᠡᠷᠳᠡᠮᠲᠡᠨ ᠵᠠᠺ ᠤᠧᠲ᠋ᠧᠷᠹᠣᠷᠲ ᠨᠢ ᠡᠨᠡ ᠪᠦᠲᠦᠭᠡᠯ ᠢᠶᠡᠷ ᠢᠶᠡᠨ ᠴᠢᠩ᠋ᠭᠢᠰ ᠬᠠᠭᠠᠨ ᠪᠣᠯᠤᠨ ᠮᠣᠩ᠋ᠭᠣᠯᠴᠤᠳ ᠤᠨ ᠲᠠᠯᠠᠭᠠᠷᠬᠢ ᠳᠡᠯᠡᠬᠡᠢ ᠢᠢᠨ ᠲᠡᠦᠬᠡᠨ ᠳᠥ ᠪᠠᠢᠢᠳᠠᠭ ᠵᠠᠷᠢᠮ ᠨᠢᠭᠡ ᠲᠠᠰᠢᠶ᠎ᠠ ᠣᠢᠢᠯᠠᠭᠠᠯᠲᠠ ᠢᠢ ᠰᠢᠨᠵᠢᠯᠡᠬᠦ ᠤᠬᠠᠭᠠᠨᠴᠢ ᠪᠠᠷ ᠲᠠᠢᠢᠯᠪᠤᠷᠢᠯᠠᠨ ᠵᠠᠯᠠᠷᠠᠭᠤᠯᠵᠤ᠂ ᠴᠢᠩ᠋ᠭᠢᠰ ᠬᠠᠭᠠᠨ᠂ ᠲᠡᠭᠦᠨ ᠢ ᠵᠠᠯᠭᠠᠮᠵᠢᠯᠠᠭᠴᠢᠳ ᠡᠪ ᠡᠶ᠎ᠡ ᠢᠢ ᠡᠷᠬᠢᠮᠯᠡᠨ᠂ ᠬᠠᠤᠯᠢ ᠴᠠᠭᠠᠵᠠ ᠢᠢᠨ ᠳᠣᠣᠷ᠎ᠠ ᠠᠮᠤᠷ ᠠᠮᠤᠭᠤᠯᠠᠩ ᠢ ᠴᠣᠭᠴᠠᠯᠠᠭᠠᠵᠤ᠂ ᠱᠠᠰᠢᠨ ᠰᠢᠲᠦᠯᠭᠡ᠂ ᠲᠡᠭᠰᠢ ᠪᠠᠢᠢᠳᠠᠯ ᠢ ᠲᠡᠳᠬᠦᠭ᠍ᠰᠡᠨ ᠠᠷᠠᠳᠴᠢᠯᠠᠭᠰᠠᠨ ᠦᠵᠡᠯ ᠰᠠᠨᠠᠭ᠎ᠠ ᠢᠢ ᠳᠡᠯᠭᠡᠷᠡᠭᠦᠯᠵᠦ᠂ ᠬᠤᠳᠠᠯᠳᠤᠭ᠎ᠠ ᠠᠷᠠᠯᠵᠢᠶ᠎ᠠ᠂ ᠬᠠᠷᠢᠯᠴᠠᠭ᠎ᠠ ᠬᠣᠯᠪᠣᠭ᠎ᠠ᠂ ᠰᠤᠶᠤᠯ᠂ ᠰᠢᠨᠵᠢᠯᠡᠬᠦ ᠤᠬᠠᠭᠠᠨ ᠵᠡᠷᠭᠡ ᠣᠯᠠᠨ ᠰᠠᠯᠪᠤᠷᠢ ᠢᠢ ᠬᠥᠭ᠍ᠵᠢᠭᠦᠯᠵᠦ᠂ ᠡᠯᠴᠢ ᠰᠤᠯᠢᠯᠴᠠᠬᠤ ᠶᠣᠰᠣ᠂ ᠳ᠋ᠢᠫᠯᠣᠮᠠᠲ ᠠᠯᠪᠠᠨ ᠤ ᠣᠢᠢᠯᠠᠭᠠᠯᠲᠠ ᠢᠢ ᠠᠩᠬ᠎ᠠ ᠪᠤᠢ ᠪᠣᠯᠭᠠᠨ᠂ ᠥᠨᠥ ᠢᠢᠨ ᠳᠡᠯᠡᠬᠡᠢ ᠶᠢᠷᠲᠢᠨᠴᠦ ᠢᠢᠨ ᠦᠨᠡᠲᠦ ᠵᠦᠢᠯ᠂ ᠦᠵᠡᠯ ᠰᠠᠨᠠᠭ᠎ᠠ᠂ ᠳᠠᠶᠠᠭᠠᠷᠰᠢᠯ ᠤᠨ ᠦᠨᠳᠦᠰᠦ ᠰᠠᠭᠤᠷᠢ ᠢᠢ ᠲᠠᠯᠪᠢᠭᠰᠠᠨ ᠶᠡᠬᠡ ᠡᠵᠡᠨ ᠬᠠᠭᠠᠨ ᠭᠡᠳᠡᠭ ᠢ ᠳᠡᠯᠡᠬᠡᠢ ᠳᠠᠬᠢᠨ ᠢᠶᠠᠨ ᠳᠠᠬᠢᠨ ᠲᠠᠨᠢᠭᠤᠯᠤᠭᠰᠠᠨ ᠶᠤᠮ᠃
ᠲᠡᠭᠡᠪᠡᠯ ᠲᠡᠭᠦᠨ ᠦ 2010 ᠣᠨ ᠳᠤ ᠬᠡᠪᠯᠡᠭᠦᠯᠦᠭᠰᠡᠨ 《ᠮᠣᠩ᠋ᠭᠣᠯ ᠤᠨ ᠶᠡᠬᠡ ᠬᠠᠲᠤᠳ ᠤᠨ ᠨᠢᠭᠤᠴᠠ ᠲᠣᠪᠴᠢᠶᠠᠨ》 ᠬᠡᠮᠡᠬᠦ ᠪᠦᠲᠦᠭᠡᠯ ᠨᠢ ᠮᠣᠩ᠋ᠭᠣᠯ ᠬᠠᠲᠤᠳ ᠡᠮᠡᠭᠲᠡᠢᠢᠴᠦᠳ ᠵᠠᠭᠤᠨ ᠵᠠᠭᠤᠨ ᠤ ᠲᠤᠷᠰᠢ ᠦᠭᠡ ᠬᠡᠯᠡ᠂ ᠦᠵᠡᠯ ᠰᠠᠨᠠᠭ᠎ᠠ᠂ ᠦᠢᠯᠡ ᠬᠡᠷᠡᠭ ᠢᠶᠡᠷ ᠢᠶᠡᠨ ᠬᠦᠮᠦᠨ ᠲᠥᠷᠥᠯᠬᠢᠲᠡᠨ ᠦ ᠲᠡᠦᠬᠡ ᠢᠢ ᠪᠦᠲᠦᠭᠡᠬᠦ ᠳᠥ ᠦᠨᠡᠲᠡᠢ ᠬᠤᠪᠢ ᠨᠡᠮᠡᠷᠢ ᠣᠷᠣᠭᠤᠯᠤᠭᠰᠠᠨ ᠢ ᠳᠡᠯᠡᠬᠡᠢ ᠨᠡᠢᠢᠲᠡ ᠳᠥ ᠲᠠᠨᠢᠭᠤᠯᠤᠭᠰᠠᠨ ᠪᠣᠯ 2016 ᠣᠨ ᠳᠤ ᠬᠡᠪᠯᠡᠭᠦᠯᠦᠭᠰᠡᠨ 《ᠴᠢᠩ᠋ᠭᠢᠰ ᠬᠠᠭᠠᠨ ᠪᠠ ᠡᠷᠬᠢᠮ ᠳᠡᠭᠡᠳᠦ ᠦᠨᠡᠨ ᠦ ᠡᠷᠢᠯ ᠳᠥ》 ᠬᠡᠮᠡᠬᠦ ᠪᠦᠲᠦᠭᠡᠯ ᠨᠢ ᠴᠢᠩ᠋ᠭᠢᠰ ᠬᠠᠭᠠᠨ ᠱᠠᠰᠢᠨ ᠰᠢᠲᠦᠬᠦ ᠡᠷᠬᠡ ᠴᠢᠯᠦᠭᠡ ᠢᠢ ᠬᠦᠮᠦᠨ ᠲᠥᠷᠥᠯᠬᠢᠲᠡᠨ ᠦ ᠲᠡᠦᠬᠡᠨ ᠳᠥ ᠠᠩᠬᠠᠯᠠᠨ ᠲᠠᠨᠢᠭᠤᠯᠵᠤ᠂ ᠲᠡᠭᠦᠨ ᠦ ᠡᠨᠡ ᠳᠡᠪᠰᠢᠯᠲᠡᠲᠦ᠂ ᠠᠷᠠᠳᠴᠢᠯᠠᠭᠰᠠᠨ ᠦᠵᠡᠯ ᠰᠠᠨᠠᠭᠠᠨ ᠠᠴᠠ ᠳᠡᠯᠡᠬᠡᠢ ᠢᠢᠨ ᠨᠡᠷ᠎ᠡ ᠬᠦᠨᠳᠦᠲᠡᠢ ᠤᠳᠤᠷᠢᠳᠤᠭᠴᠢᠳ ᠬᠡᠷᠬᠢᠨ ᠰᠤᠷᠤᠯᠴᠠᠵᠤ᠂ ᠦᠯᠢᠭᠡᠷ ᠳᠠᠭᠤᠷᠢᠶᠠᠯ ᠠᠪᠴᠤ ᠢᠷᠡᠭᠰᠡᠨ ᠲᠤᠬᠠᠢ ᠦᠭᠦᠯᠡᠭᠰᠡᠨ ᠪᠠᠢᠢᠳᠠᠭ᠃
ᠮᠥᠨ ᠲᠡᠷᠡ ᠪᠡᠷ 1998 ᠣᠨ ᠠᠴᠠ ᠬᠣᠢᠢᠰᠢ ᠮᠠᠨ ᠤ ᠤᠯᠤᠰ ᠲᠤ ᠣᠯᠠᠨ ᠤᠳᠠᠭ᠎ᠠ ᠢᠷᠡᠵᠦ ᠨᠡᠢᠢᠲᠡ 40 ᠣᠷᠴᠢᠮ ᠬᠡᠭᠡᠷ᠎ᠡ ᠢᠢᠨ ᠰᠤᠳᠤᠯᠭᠠᠨ ᠤ ᠠᠵᠢᠯ᠂ ᠡᠺᠰᠫᠧᠳᠢᠼ ᠵᠣᠬᠢᠶᠠᠨ ᠪᠠᠢᠢᠭᠤᠯᠤᠨ 《ᠮᠣᠩ᠋ᠭᠣᠯ ᠤᠨ ᠨᠢᠭᠤᠴᠠ ᠲᠣᠪᠴᠢᠶᠠᠨ》 ᠍ ᠳᠤ ᠦᠭᠦᠯᠡᠳᠡᠭ ᠲᠡᠦᠬᠡᠨ ᠭᠠᠵᠠᠷ ᠤᠳ ᠢᠶᠠᠷ ᠶᠠᠪᠤᠵᠤ᠂ ᠮᠣᠩ᠋ᠭᠣᠯ ᠤᠨ ᠡᠷᠳᠡᠮᠲᠡᠨ ᠰᠤᠳᠤᠯᠤᠭᠠᠴᠢᠳ ᠲᠠᠢ ᠬᠠᠮᠲᠤᠷᠠᠨ ᠠᠵᠢᠯᠯᠠᠵᠤ ᠴᠢᠩ᠋ᠭᠢᠰ ᠬᠠᠭᠠᠨ ᠰᠤᠳᠤᠯᠤᠯ ᠪᠣᠯᠤᠨ ᠮᠣᠩ᠋ᠭᠣᠯ ᠰᠤᠳᠤᠯᠤᠯ ᠳᠤ ᠦᠨᠡᠲᠡᠢ ᠬᠤᠪᠢ ᠨᠡᠮᠡᠷᠢ ᠣᠷᠣᠭᠤᠯᠵᠤ ᠪᠠᠢᠢᠭ᠎ᠠ ᠪᠢᠯᠡ᠃
ᠲᠡᠭᠦᠨᠴᠢᠯᠡᠨ 2010 ᠣᠨ ᠳᠤ ᠮᠣᠩ᠋ᠭᠣᠯ ᠤᠨ ᠵᠠᠯᠠᠭᠤ ᠰᠤᠳᠤᠯᠤᠭᠠᠴᠢᠳ ᠢ ᠳᠡᠮᠵᠢᠬᠦ᠂ ᠲᠡᠦᠬᠡ ᠢᠢᠨ ᠲᠠᠰᠢᠶ᠎ᠠ ᠣᠢᠢᠯᠠᠭᠠᠯᠲᠠ ᠨᠤᠭᠤᠳ ᠢ ᠵᠠᠰᠠᠬᠤ᠂ ᠮᠣᠩ᠋ᠭᠣᠯ ᠤᠨ ᠲᠡᠦᠬᠡ ᠢᠢᠨ ᠮᠡᠳᠡᠯᠭᠡ ᠢᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠪᠠᠷ 《ᠵᠠᠺ ᠤᠧᠲ᠋ᠧᠷᠹᠣᠷᠲ ᠰᠠᠩ》 ᠪᠠᠢᠢᠭᠤᠯᠤᠭᠰᠠᠨ ᠪᠥᠭᠡᠳ 《ᠵᠠᠺ ᠤᠧᠲ᠋ᠧᠷᠹᠣᠷᠲ ᠍ ᠤᠨ ᠨᠡᠷᠡᠮᠵᠢᠲᠦ ᠱᠠᠩᠨᠠᠯ》 ᠣᠯᠭᠤᠵᠤ ᠮᠣᠩ᠋ᠭᠣᠯ ᠰᠤᠳᠤᠯᠤᠯ ᠢ ᠳᠡᠮᠵᠢᠬᠦ ᠴᠢᠭᠯᠡᠯ ᠢᠶᠡᠷ ᠣᠯᠠᠨ ᠴᠢᠬᠤᠯᠠ ᠠᠵᠢᠯ ᠬᠢᠭ᠍ᠰᠡᠨ ᠪᠠᠢᠢᠨ᠎ᠠ᠃
ᠡᠷᠬᠢᠮ ᠲᠠᠨ ᠤ ᠴᠢᠩ᠋ᠭᠢᠰ ᠬᠠᠭᠠᠨ᠂ ᠲᠡᠭᠦᠨ ᠦ ᠵᠠᠯᠭᠠᠮᠵᠢᠯᠠᠭᠴᠢᠳ ᠪᠣᠯᠤᠨ ᠮᠣᠩ᠋ᠭᠣᠯ ᠬᠠᠲᠤᠳ ᠤᠨ ᠳᠡᠯᠡᠬᠡᠢ ᠢᠢᠨ ᠲᠡᠦᠬᠡᠨ ᠳᠥ ᠭᠦᠢᠴᠡᠳᠭᠡᠭ᠍ᠰᠡᠨ ᠡᠭᠦᠷᠭᠡ ᠢᠢ ᠰᠢᠨᠵᠢᠯᠡᠬᠦ ᠤᠬᠠᠭᠠᠨᠴᠢ ᠪᠠᠷ ᠰᠤᠷᠪᠤᠯᠵᠢᠯᠠᠨ ᠰᠤᠳᠤᠯᠵᠤ᠂ ᠦᠨᠡᠯᠡᠨ ᠳ᠋ᠦᠩᠨᠡᠭᠰᠡᠨ ᠪᠦᠲᠦᠭᠡᠯ ᠦᠳ ᠨᠢ ᠮᠣᠩ᠋ᠭᠣᠯᠴᠤᠳ ᠤᠨ ᠲᠠᠯᠠᠭᠠᠷᠬᠢ ᠦᠨᠡᠨ ᠪᠣᠳᠠᠲᠤ ᠣᠢᠢᠯᠠᠭᠠᠯᠲᠠ ᠢᠢ ᠥᠨᠥ ᠢᠢᠨ ᠶᠢᠷᠲᠢᠨᠴᠦ ᠳ᠋ᠥ ᠳᠠᠬᠢᠨ ᠲᠠᠨᠢᠭᠤᠯᠵᠤ᠂ ᠴᠢᠩ᠋ᠭᠢᠰ ᠬᠠᠭᠠᠨ ᠪᠣᠯᠤᠨ ᠮᠣᠩ᠋ᠭᠣᠯ ᠦᠨᠳᠦᠰᠦᠲᠡᠨ ᠦ ᠣᠯᠠᠨ ᠤᠯᠤᠰ ᠳ᠋ᠠᠬᠢ ᠦᠨᠡᠯᠡᠮᠵᠢ ᠢᠢ ᠨᠡᠮᠡᠭᠳᠡᠭᠦᠯᠵᠦ᠂ ᠲᠡᠦᠬᠡ ᠰᠤᠶᠤᠯ ᠢ ᠰᠤᠷᠲᠠᠯᠴᠢᠯᠠᠵᠤ᠂ ᠴᠢᠩ᠋ᠭᠢᠰ ᠬᠠᠭᠠᠨ ᠰᠤᠳᠤᠯᠤᠯ ᠪᠣᠯᠤᠨ ᠮᠣᠩ᠋ᠭᠣᠯ ᠰᠤᠳᠤᠯᠤᠯ ᠢ ᠬᠥᠭ᠍ᠵᠢᠭᠦᠯᠬᠦ ᠳᠥ ᠣᠨᠤᠴᠤᠭᠠᠢ ᠡᠭᠦᠷᠭᠡ ᠭᠦᠢᠴᠡᠳᠭᠡᠵᠦ ᠪᠠᠢᠢᠭ᠎ᠠ ᠳ᠋ᠤ ᠭᠦᠨ ᠲᠠᠯᠠᠷᠬᠠᠯ ᠢᠯᠡᠷᠬᠡᠢᠢᠯᠡᠶ᠎ᠡ᠃
ᠡᠷᠬᠢᠮ ᠬᠦᠨᠳᠦᠳᠥ ᠵᠠᠺ ᠤᠧᠲ᠋ᠧᠷᠹᠣᠷᠲ ᠲᠠ ᠪᠣᠯ ᠮᠣᠩ᠋ᠭᠣᠯ ᠤᠯᠤᠰ ᠤᠨ ᠲᠥᠷᠥ ᠢᠢᠨ ᠳᠡᠭᠡᠳᠦ 《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠬᠦᠷᠲᠡᠵᠦ ᠪᠠᠢᠢᠭ᠎ᠠ ᠭᠠᠳᠠᠭᠠᠳᠤ ᠤᠯᠤᠰ ᠤᠨ ᠠᠩᠬᠠᠨ ᠤ ᠢᠷᠭᠡᠨ ᠪᠣᠯᠵᠤ᠂ ᠮᠣᠩ᠋ᠭᠣᠯ ᠤᠯᠤᠰ ᠤᠨ ᠲᠡᠦᠬᠡᠨ ᠳᠥ ᠲᠣᠳᠣ ᠪᠠᠷ ᠪᠢᠴᠢᠭᠳᠡᠨ ᠦᠯᠡᠳᠡᠯ᠎ᠡ᠃
ᠲᠠᠨ ᠤ ᠴᠢᠨᠠᠭᠰᠢᠳᠠ ᠢᠢᠨ ᠡᠷᠳᠡᠮ ᠨᠣᠮ ᠤᠨ ᠶᠡᠬᠡ ᠦᠢᠯᠡᠰ ᠲᠥ ᠥᠨᠳᠥᠷ ᠠᠮᠵᠢᠯᠲᠠ ᠬᠦᠰᠡᠵᠦ᠂ ᠠᠵᠠ ᠵᠢᠷᠭᠠᠯ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃
ᠡᠷᠬᠢᠮ ᠨᠥᠬᠥᠳ ᠡ᠂
ᠮᠠᠨ ᠤ ᠤᠯᠤᠰ ᠤᠨ ᠨᠡᠷᠡᠲᠦ ᠡᠷᠳᠡᠮᠲᠡᠨ᠂ ᠠᠺᠠᠳᠧᠮᠢᠴᠢ ᠳᠡᠴᠢᠩ᠋ᠭᠦᠩ᠋ᠭᠠ ᠢᠢᠨ ᠳᠣᠷᠵᠢᠭᠣᠲᠤᠪ ᠪᠣᠯ ᠶᠡᠬᠡ ᠡᠵᠡᠨ ᠬᠠᠭᠠᠨ ᠤ ᠥᠪᠯᠡᠭᠦᠯᠦᠨ ᠦᠯᠡᠳᠡᠭᠡᠭ᠍ᠰᠡᠨ ᠡᠬᠡ ᠣᠷᠣᠨ ᠤ ᠪᠠᠨ ᠭᠠᠵᠠᠷ ᠨᠤᠲᠤᠭ᠂ ᠬᠥᠷᠥᠰᠥ ᠰᠢᠷᠣᠢ᠂ ᠴᠠᠭ ᠠᠭᠤᠷ᠂ ᠪᠠᠢᠢᠭᠠᠯᠢ ᠣᠷᠴᠢᠨ ᠤ ᠰᠤᠳᠤᠯᠤᠯ ᠤᠨ ᠲᠡᠷᠢᠭᠦᠯᠡᠬᠦ ᠡᠷᠳᠡᠮᠲᠡᠨ ᠪᠥᠭᠡᠳ ᠮᠣᠩ᠋ᠭᠣᠯ ᠣᠷᠣᠨ ᠤ ᠬᠥᠷᠦᠰᠦᠨ ᠦ ᠭᠠᠷᠤᠯ ᠡᠭᠦᠰᠦᠯ᠂ ᠭᠠᠵᠠᠷ ᠵᠦᠢ᠂ ᠠᠩ᠋ᠭᠢᠯᠠᠯ᠂ ᠰᠢᠨᠵᠢ ᠴᠢᠨᠠᠷ᠂ ᠦᠷᠡᠵᠢᠯ ᠰᠢᠮ᠎ᠡ᠂ ᠴᠢᠨᠠᠷ ᠤᠨ ᠦᠨᠡᠯᠡᠭᠡᠨ ᠦ ᠲᠠᠯᠠᠭᠠᠷᠬᠢ ᠣᠨᠣᠯ ᠤᠨ ᠰᠠᠭᠤᠷᠢ ᠰᠤᠳᠤᠯᠭ᠎ᠠ ᠢᠢ ᠬᠥᠭ᠍ᠵᠢᠭᠦᠯᠵᠦ᠂ ᠬᠥᠷᠥᠰᠥ ᠰᠤᠳᠤᠯᠤᠯ ᠤᠨ ᠰᠢᠨᠵᠢᠯᠡᠬᠦ ᠤᠬᠠᠭᠠᠨ ᠤ ᠦᠨᠳᠦᠰᠦ ᠰᠠᠭᠤᠷᠢ ᠢᠢ ᠲᠠᠯᠪᠢᠭᠰᠠᠨ ᠶᠤᠮ᠃
ᠲᠡᠷᠡ ᠪᠡᠷ ᠬᠥᠷᠦᠰᠦᠨ ᠦ ᠰᠠᠭᠤᠷᠢ ᠰᠤᠳᠤᠯᠭᠠᠨ ᠤ ᠦᠷ᠎ᠡ ᠳ᠋ᠦᠩ ᠢ ᠬᠡᠷᠡᠭᠯᠡᠭᠡᠨ ᠳᠥ ᠨᠡᠪᠲᠡᠷᠡᠭᠦᠯᠬᠦ ᠳᠥ ᠴᠢᠬᠤᠯᠠ ᠡᠭᠦᠷᠭᠡ ᠲᠡᠢ ᠬᠥᠷᠦᠰᠦᠨ ᠦ ᠵᠢᠷᠤᠭᠯᠠᠯ ᠢᠶᠠᠷ ᠳᠠᠩᠨᠠᠨ ᠠᠵᠢᠯᠯᠠᠵᠤ᠂ 1975 ᠣᠨ ᠳᠤ ᠮᠣᠩ᠋ᠭᠣᠯ ᠣᠷᠣᠨ ᠤ ᠠᠩᠬᠠᠨ ᠤ ᠬᠥᠷᠦᠰᠦᠨ ᠦ ᠵᠢᠷᠤᠭ ᠢ ᠵᠣᠬᠢᠶᠠᠨ ᠬᠡᠪᠯᠡᠭᠦᠯᠵᠦ᠂ ᠮᠥᠨ ᠠᠩᠬ᠎ᠠ ᠤᠳᠠᠭ᠎ᠠ ᠰᠠᠨᠰᠠᠷ ᠤᠨ ᠭᠡᠷᠡᠯ ᠵᠢᠷᠤᠭ ᠲᠤ ᠲᠤᠯᠭᠠᠭᠤᠷᠢᠯᠠᠭᠰᠠᠨ ᠬᠥᠷᠦᠰᠦᠨ ᠦ ᠵᠢᠷᠤᠭ ᠵᠣᠬᠢᠶᠠᠵᠤ᠂ ᠮᠣᠩ᠋ᠭᠣᠯ ᠤᠨ ᠭᠠᠵᠠᠷ ᠤᠨ ᠬᠥᠷᠦᠰᠦᠨ ᠦ ᠬᠡᠪ ᠰᠢᠨᠵᠢ᠂ ᠣᠷᠣᠨ ᠵᠠᠢ ᠢᠢᠨ ᠪᠦᠲᠦᠴᠡ᠂ ᠲᠠᠷᠬᠠᠯᠲᠠ ᠢᠢ ᠳᠦᠷᠰᠦᠯᠡᠨ ᠬᠠᠷᠠᠭᠤᠯᠤᠭᠰᠠᠨ᠃
ᠲᠡᠭᠦᠨ ᠦ ᠰᠤᠳᠤᠯᠭ᠎ᠠ ᠮᠠᠨ ᠤ ᠣᠷᠣᠨ ᠤ ᠪᠦᠬᠦ ᠲᠥᠷᠥᠯ ᠦᠨ ᠬᠥᠷᠦᠰᠦᠨ ᠦ ᠨᠥᠭᠡᠴᠡ ᠢᠢ ᠲᠣᠭᠠᠴᠠᠨ ᠭᠠᠷᠭᠠᠬᠤ ᠪᠣᠯᠤᠮᠵᠢ ᠢᠢ ᠪᠦᠷᠢᠳᠦᠭᠦᠯᠦᠭᠰᠡᠨ ᠢᠶᠡᠷ ᠢᠶᠡᠨ ᠵᠢᠷᠤᠭ ᠵᠦᠢ ᠢᠢᠨ ᠦᠨ᠎ᠡ ᠴᠡᠨ ᠲᠡᠢ ᠬᠣᠪᠣᠷ ᠪᠦᠲᠦᠭᠡᠯ ᠬᠡᠮᠡᠨ ᠵᠦᠢ ᠶᠣᠰᠣ ᠪᠠᠷ ᠦᠨᠡᠯᠡᠭᠳᠡᠳᠡᠭ ᠪᠢᠯᠡ᠃
ᠲᠡᠭᠦᠨᠴᠢᠯᠡᠨ ᠠᠺᠠᠳᠧᠮᠢᠴᠢ ᠳᠡ᠂ ᠳᠣᠷᠵᠢᠭᠣᠲᠤᠪ 1984 ᠣᠨ ᠠᠴᠠ ᠬᠣᠢᠢᠰᠢ ᠮᠣᠩ᠋ᠭᠣᠯ ᠤᠯᠤᠰ ᠤᠨ ᠠᠩᠬᠠᠨ ᠤ 《ᠦᠨᠳᠦᠰᠦᠨ ᠦ ᠠᠲ᠋ᠯᠠᠰ》 ᠵᠣᠬᠢᠶᠠᠬᠤ ᠡᠷᠳᠡᠮᠲᠡᠨ ᠰᠤᠳᠤᠯᠤᠭᠠᠴᠢᠳ ᠤᠨ ᠪᠠᠭ ᠲᠤ ᠣᠷᠣᠯᠴᠠᠵᠤ᠂ ᠤᠳᠤᠷᠢᠳᠤᠨ ᠵᠣᠬᠢᠶᠠᠨ ᠪᠠᠢᠢᠭᠤᠯᠵᠤ᠂ 1990 ᠣᠨ ᠳᠤ ᠣᠷᠣᠰ᠂ ᠮᠣᠩ᠋ᠭᠣᠯ ᠬᠡᠯᠡ ᠪᠡᠷ 16 ᠰᠡᠳᠦᠪᠴᠢᠯᠡᠭᠰᠡᠨ ᠪᠦᠯᠦᠭ ᠪᠦᠬᠦᠢ 300 ᠣᠷᠴᠢᠮ ᠭᠠᠵᠠᠷ ᠤᠨ ᠵᠢᠷᠤᠭ᠂ ᠰᠾᠧᠮ ᠢ ᠪᠠᠭᠲᠠᠭᠠᠭᠰᠠᠨ 《ᠪᠥ᠂ᠨᠠ᠂ ᠮᠤ᠂ ᠠ᠂ᠤ ᠍ ᠤᠨ ᠦᠨᠳᠦᠰᠦᠨ ᠦ ᠠᠲ᠋ᠯᠠᠰ》 ᠬᠡᠮᠡᠬᠦ ᠠᠩᠬᠠᠨ ᠤ ᠦᠨᠳᠦᠰᠦᠨ ᠦ ᠠᠲ᠋ᠯᠠᠰ ᠢ ᠬᠡᠪᠯᠡᠭᠦᠯᠵᠦ᠂ 2009᠂ 2022 ᠣᠨ ᠳᠤ 《ᠮᠣᠩ᠋ᠭᠣᠯ ᠤᠯᠤᠰ ᠤᠨ ᠦᠨᠳᠦᠰᠦᠨ ᠦ ᠠᠲ᠋ᠯᠠᠰ》 ᠍ ᠢ ᠰᠢᠨᠡᠴᠢᠯᠡᠨ ᠬᠡᠪᠯᠡᠭᠦᠯᠬᠦ ᠠᠵᠢᠯ ᠢ ᠤᠳᠤᠷᠢᠳᠤᠭᠰᠠᠨ ᠪᠠᠢᠢᠨ᠎ᠠ᠃
《ᠮᠣᠩ᠋ᠭᠣᠯ ᠤᠯᠤᠰ ᠤᠨ ᠦᠨᠳᠦᠰᠦᠨ ᠦ ᠠᠲ᠋ᠯᠠᠰ》 ᠨᠢ ᠮᠠᠨ ᠤ ᠤᠯᠤᠰ ᠤᠨ ᠨᠤᠲᠤᠭ ᠳᠡᠪᠢᠰᠬᠡᠷ᠂ ᠵᠠᠰᠠᠭ ᠵᠠᠬᠢᠷᠭᠠᠨ ᠤ ᠪᠦᠲᠦᠴᠡ᠂ ᠪᠠᠢᠢᠭᠠᠯᠢ ᠭᠠᠵᠠᠷᠵᠦᠢ ᠢᠢᠨ ᠨᠥᠬᠥᠴᠡᠯ᠂ ᠨᠥᠭᠡᠴᠡ ᠪᠠᠶᠠᠯᠢᠭ᠂ ᠬᠦᠮᠦᠨ ᠠᠮᠠ᠂ ᠲᠡᠦᠬᠡ᠂ ᠰᠤᠶᠤᠯ᠂ ᠠᠵᠤ ᠠᠬᠤᠢ᠂ ᠨᠡᠢᠢᠭᠡᠮ᠂ ᠡᠳ᠋ ᠍ ᠦᠨ ᠵᠠᠰᠠᠭ ᠤᠨ ᠣᠯᠠᠨ ᠲᠠᠯᠠᠲᠤ ᠴᠣᠭᠴᠠ ᠮᠡᠳᠡᠭᠡᠯᠡᠯ ᠢ ᠪᠠᠭᠲᠠᠭᠠᠭᠰᠠᠨ ᠪᠠᠢᠢᠳᠠᠭ ᠲᠤᠯᠠ ᠡᠷᠳᠡᠮ ᠰᠢᠨᠵᠢᠯᠡᠭᠡ᠂ ᠲᠠᠨᠢᠨ ᠮᠡᠳᠡᠬᠦᠢ᠂ ᠣᠨᠣᠯ ᠫᠷᠠᠺᠲ᠋ᠢᠭ᠌ ᠤᠨ ᠦᠨᠡᠯᠡᠵᠦ ᠪᠠᠷᠠᠰᠢ ᠦᠭᠡᠢ ᠠᠴᠢ ᠬᠣᠯᠪᠣᠭᠳᠠᠯ ᠲᠠᠢ᠂ ᠢᠵᠢ ᠪᠦᠷᠢᠨ ᠵᠢᠷᠤᠭ ᠵᠦᠢ ᠢᠢᠨ ᠰᠠᠭᠤᠷᠢ ᠪᠦᠲᠦᠭᠡᠯ ᠪᠣᠯᠤᠭᠰᠠᠨ ᠢ ᠣᠯᠠᠨ ᠤᠯᠤᠰ ᠤᠨ ᠡᠷᠳᠡᠮᠲᠡᠨ ᠰᠤᠳᠤᠯᠤᠭᠠᠴᠢᠳ ᠥᠨᠳᠥᠷ ᠢᠶᠡᠷ ᠦᠨᠡᠯᠡᠳᠡᠭ ᠪᠢᠯᠡ᠃
ᠲᠡᠭᠦᠨᠴᠢᠯᠡᠨ 1995᠂ 2005 ᠣᠨ ᠳᠤ 《ᠮᠣᠩ᠋ᠭᠣᠯ ᠣᠷᠣᠨ ᠤ ᠡᠺᠣᠰᠢᠰᠲ᠋ᠧᠮ ᠦᠨ ᠵᠢᠷᠤᠭ᠂ ᠠᠲ᠋ᠯᠠᠰ》᠂ 2015 ᠣᠨ ᠳᠤ 《ᠪᠠᠢᠢᠭᠠᠯ ᠨᠠᠭᠤᠷ ᠤᠨ ᠰᠠᠪᠠ ᠭᠠᠵᠠᠷ ᠤᠨ ᠡᠺᠣᠯᠣᠭᠢ ᠤᠨ ᠠᠲ᠋ᠯᠠᠰ》᠂ 2019 ᠣᠨ ᠳᠤ 《ᠮᠣᠩ᠋ᠭᠣᠯ ᠣᠷᠣᠨ ᠤ ᠡᠺᠣᠰᠢᠰᠲ᠋ᠧᠮ ᠦᠨ ᠠᠲ᠋ᠯᠠᠰ》 ᠵᠡᠷᠭᠡ ᠲᠣᠮᠣᠬᠠᠨ ᠪᠦᠲᠦᠭᠡᠯ ᠬᠡᠪᠯᠡᠭᠦᠯᠦᠭᠰᠡᠨ ᠨᠢ ᠡᠺᠣᠯᠣᠭᠢ᠂ ᠡᠺᠣ ᠭᠧᠣᠬᠢᠮᠢ᠂ ᠡᠺᠣᠰᠢᠰᠲ᠋ᠧᠮ᠂ ᠪᠠᠢᠢᠭᠠᠯᠢ ᠣᠷᠴᠢᠨ ᠤ ᠰᠢᠨᠵᠢᠯᠡᠬᠦ ᠤᠬᠠᠭᠠᠨ ᠤ ᠬᠥᠭ᠍ᠵᠢᠯ᠂ ᠰᠤᠳᠤᠯᠭ᠎ᠠ ᠬᠥᠭ᠍ᠵᠢᠭᠦᠯᠦᠯᠲᠡ ᠢᠢᠨ ᠠᠵᠢᠯ ᠤᠨ ᠦᠷ᠎ᠡ ᠳ᠋ᠦᠩ ᠢ ᠬᠡᠷᠡᠭᠯᠡᠭᠡᠨ ᠳᠥ ᠨᠡᠪᠲᠡᠷᠡᠭᠦᠯᠬᠦ ᠳᠥ ᠰᠢᠨᠡᠯᠢᠭ ᠳᠣᠷᠪᠢᠲᠠᠢ ᠠᠯᠬᠤᠮ ᠪᠣᠯᠤᠭᠰᠠᠨ ᠶᠤᠮ᠃
ᠠᠺᠠᠳᠧᠮᠢᠴᠢ ᠳᠡ᠂ ᠳᠣᠷᠵᠢᠭᠣᠲᠤᠪ ᠤᠨ ᠤᠳᠤᠷᠢᠳᠤᠭᠰᠠᠨ ᠰᠤᠳᠤᠯᠭᠠᠨ ᠤ ᠪᠠᠭ ᠥᠨᠥ ᠢᠢᠨ ᠳᠡᠯᠡᠬᠡᠢ ᠳᠠᠬᠢᠨ ᠳᠤ ᠲᠤᠯᠭᠠᠮᠠᠳᠠᠭᠠᠳ ᠪᠠᠢᠢᠭ᠎ᠠ ᠪᠠᠢᠢᠭᠠᠯᠢ ᠣᠷᠴᠢᠨ ᠤ ᠪᠣᠬᠢᠷᠳᠠᠯ᠂ ᠳᠣᠷᠣᠢᠢᠲᠠᠯ᠂ ᠠᠭᠤᠷ ᠠᠮᠢᠰᠬᠤᠯ᠂ ᠡᠺᠣᠰᠢᠰᠲ᠋ᠧᠮ ᠦᠨ ᠥᠭᠡᠷᠡᠴᠢᠯᠡᠯᠲᠡ᠂ ᠡᠺᠣᠯᠣᠭᠢ ᠭᠧᠣᠬᠢᠮ ᠤᠨ ᠲᠥᠯᠥᠪ ᠪᠠᠢᠢᠳᠠᠯ ᠤᠨ ᠠᠰᠠᠭᠤᠳᠠᠯ ᠢ ᠳᠠᠩᠨᠠᠨ ᠰᠤᠳᠤᠯᠵᠤ᠂ 1999 ᠣᠨ ᠳᠤ 《ᠤᠯᠠᠭᠠᠨᠪᠠᠭᠠᠲᠤᠷ ᠬᠣᠲᠠ ᠢᠢᠨ ᠪᠠᠢᠢᠭᠠᠯᠢ ᠣᠷᠴᠢᠨ ᠤ᠂ ᠪᠣᠬᠢᠷᠳᠠᠯ ᠤᠨ ᠲᠣᠢᠢᠮᠣ ᠵᠢᠷᠤᠭᠯᠠᠯ》᠂ 2004 ᠣᠨ ᠳᠤ 《ᠤᠯᠠᠭᠠᠨᠪᠠᠭᠠᠲᠤᠷ ᠬᠣᠲᠠ ᠢᠢᠨ ᠤᠮᠳᠠᠨ ᠤ ᠤᠰᠤᠨ ᠤ ᠡᠬᠢ ᠡᠭᠦᠰᠪᠦᠷᠢ ᠨᠦᠭᠦᠳ ᠦᠨ ᠣᠷᠴᠢᠮ ᠤᠨ ᠬᠥᠷᠦᠰᠦᠨ ᠦ ᠪᠣᠬᠢᠷᠳᠠᠯ ᠤᠨ ᠰᠤᠳᠤᠯᠭ᠎ᠠ》᠂ 2009 ᠣᠨ ᠳᠤ 《ᠳᠠᠷᠬᠠᠨ ᠬᠣᠲᠠ ᠣᠷᠴᠢᠮ ᠤᠨ ᠭᠧᠣᠡᠺᠣᠯᠣᠭᠢ ᠤᠨ ᠰᠤᠳᠤᠯᠭ᠎ᠠ》᠂ 2010 ᠣᠨ ᠳᠤ 《ᠤᠯᠠᠭᠠᠨᠪᠠᠭᠠᠲᠤᠷ ᠬᠣᠲᠠ ᠣᠷᠴᠢᠮ ᠤᠨ ᠬᠥᠷᠦᠰᠦᠨ ᠦ ᠪᠣᠬᠢᠷᠳᠠᠯ ᠤᠨ ᠰᠤᠳᠤᠯᠭ᠎ᠠ》᠂ 2015 ᠣᠨ ᠳᠤ 《ᠰᠡᠯᠡᠩ᠋ᠭᠡ ᠢᠢᠨ ᠰᠠᠪᠠ ᠨᠤᠲᠤᠭ ᠳ᠋ᠠᠬᠢ ᠠᠭᠤᠯᠠ ᠠᠭᠤᠷᠬᠠᠢ᠂ ᠠᠵᠤ ᠦᠢᠯᠡᠳᠪᠦᠷᠢ ᠢᠢᠨ ᠲᠣᠮᠣᠬᠠᠨ ᠲᠥᠪ ᠦᠳ ᠦᠨ ᠪᠠᠢᠢᠭᠠᠯᠢ ᠣᠷᠴᠢᠨ᠂ ᠡᠺᠣᠭᠧᠣᠬᠢᠮ ᠤᠨ ᠰᠤᠳᠤᠯᠭ᠎ᠠ》 ᠵᠡᠷᠭᠡ ᠣᠯᠠᠨ ᠴᠢᠬᠤᠯᠠ ᠠᠵᠢᠯ ᠢ ᠭᠦᠢᠴᠡᠳᠭᠡᠨ᠂ ᠲᠧᠭᠨᠣᠯᠣᠭᠢ ᠢᠢᠨ ᠰᠢᠢᠳᠦᠯ ᠦᠨ ᠰᠠᠨᠠᠯ ᠵᠥᠪᠯᠡᠮᠵᠢ ᠪᠣᠯᠪᠠᠰᠤᠷᠠᠭᠤᠯᠤᠭᠰᠠᠨ ᠪᠥᠭᠡᠳ 2008 ᠣᠨ ᠳᠤ 《ᠬᠥᠷᠦᠰᠥ ᠪᠣᠬᠢᠷᠳᠠᠭᠤᠯᠤᠭᠴᠢ ᠪᠣᠳᠠᠰ ᠤᠳ ᠤᠨ ᠵᠥᠪᠰᠢᠶᠡᠷᠡᠭᠳᠡᠬᠦ ᠳᠡᠭᠡᠳᠦ ᠬᠡᠮᠵᠢᠶᠡᠨ ᠦ ᠤᠯᠤᠰ ᠤᠨ ᠰᠲ᠋ᠠᠨᠳᠠᠷᠲ》 ᠪᠣᠯᠪᠠᠰᠤᠷᠠᠭᠤᠯᠵᠠᠢ᠃
ᠠᠺᠠᠳᠧᠮᠢᠴᠢ ᠳᠡ᠂ ᠳᠣᠷᠵᠢᠭᠣᠲᠤᠪ ᠨᠢ ᠠᠬᠢᠭᠰᠠᠨ ᠲᠦᠪᠰᠢᠨ ᠦ ᠨᠠᠷᠢᠨ ᠮᠡᠷᠭᠡᠵᠢᠯ ᠦᠨ ᠰᠤᠳᠤᠯᠤᠭᠠᠴᠢ ᠡᠷᠳᠡᠮᠲᠡᠳ ᠦᠨ ᠵᠠᠯᠭᠠᠮᠵᠢ ᠬᠠᠯᠠᠭ᠎ᠠ ᠢᠢ ᠪᠡᠯᠡᠳᠬᠡᠬᠦ᠂ ᠣᠶᠤᠲᠠᠨ ᠵᠠᠯᠠᠭᠤᠰ ᠢ ᠰᠤᠷᠭᠠᠨ ᠬᠦᠮᠦᠵᠢᠭᠦᠯᠬᠦ ᠦᠢᠯᠡ ᠬᠡᠷᠡᠭ ᠲᠥ ᠬᠢᠴᠢᠶᠡᠩ᠋ᠭᠦᠢᠢᠯᠡᠨ ᠵᠢᠳᠬᠦᠵᠦ᠂ ᠮᠣᠩ᠋ᠭᠣᠯ ᠤᠯᠤᠰ ᠤᠨ ᠶᠡᠬᠡ ᠰᠤᠷᠭᠠᠭᠤᠯᠢ᠂ ᠮᠣᠩ᠋ᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠤᠯᠢ ᠳᠤ ᠪᠠᠭᠰᠢ᠂ ᠲᠡᠩᠬᠢᠮ ᠦᠨ ᠡᠷᠬᠢᠯᠡᠭᠴᠢ ᠪᠡᠷ ᠣᠯᠠᠨ ᠵᠢᠯ ᠠᠵᠢᠯᠯᠠᠬᠤ ᠳᠤ ᠪᠠᠨ 20 ᠳ᠋ᠣᠺᠲ᠋ᠣᠷ᠂ ᠰᠢᠨᠵᠢᠯᠡᠬᠦ ᠤᠬᠠᠭᠠᠨ ᠤ ᠳᠥᠷᠪᠡᠨ ᠳ᠋ᠣᠺᠲ᠋ᠣᠷ ᠤᠨ ᠡᠷᠳᠡᠮ ᠦᠨ ᠠᠵᠢᠯ ᠢ ᠤᠳᠤᠷᠢᠳᠤᠨ ᠬᠠᠮᠠᠭᠠᠯᠠᠭᠤᠯᠤᠭᠰᠠᠨ ᠪᠠᠢᠢᠨ᠎ᠠ᠃
ᠠᠺᠠᠳᠧᠮᠢᠴᠢ ᠳᠡ᠂ ᠳᠣᠷᠵᠢᠭᠣᠲᠤᠪ ᠲᠠᠨ ᠢ ᠮᠣᠩ᠋ᠭᠣᠯ ᠤᠯᠤᠰ ᠤᠨ ᠬᠥᠷᠦᠰᠥ ᠰᠤᠳᠤᠯᠤᠯ᠂ ᠭᠠᠵᠠᠷ ᠵᠦᠢ᠂ ᠵᠢᠷᠤᠭ ᠵᠦᠢ᠂ ᠪᠠᠢᠢᠭᠠᠯᠢ ᠣᠷᠴᠢᠨ ᠤ ᠰᠤᠳᠤᠯᠤᠯ ᠳᠤ ᠨᠢᠭᠡᠨ ᠵᠢᠷᠠᠨ ᠤ ᠠᠮᠢᠳᠤᠷᠠᠯ ᠢᠶᠠᠨ ᠵᠣᠷᠢᠭᠤᠯᠵᠤ᠂ ᠮᠣᠩ᠋ᠭᠣᠯ ᠤᠯᠤᠰ ᠤᠨ ᠰᠢᠨᠵᠢᠯᠡᠬᠦ ᠤᠬᠠᠭᠠᠨ ᠤ ᠬᠥᠭ᠍ᠵᠢᠯ ᠳᠡᠪᠰᠢᠯ ᠳᠥ ᠵᠢᠩ ᠲᠡᠢ ᠦᠨᠡᠲᠡᠢ ᠬᠤᠪᠢ ᠨᠡᠮᠡᠷᠢ ᠣᠷᠣᠭᠤᠯᠤᠭᠰᠠᠨ ᠢ ᠥᠨᠳᠥᠷ ᠢᠶᠡᠷ ᠦᠨᠡᠯᠡᠨ ᠲᠥᠷᠥ ᠢᠢᠨ ᠳᠡᠭᠡᠳᠦ 《ᠴᠢᠩ᠋ᠭᠢᠰ ᠬᠠᠭᠠᠨ》 ᠲᠡᠷᠢᠭᠦᠨ ᠵᠡᠷᠭᠡ ᠢᠢᠨ ᠣᠳᠣᠨ ᠬᠦᠷᠲᠡᠭᠡᠵᠦ᠂ ᠲᠦᠮᠡᠨ ᠣᠯᠠᠨ ᠢᠶᠠᠨ ᠠᠯᠳᠠᠷᠰᠢᠭᠤᠯᠵᠤ ᠪᠠᠢᠢᠨ᠎ᠠ᠃
ᠲᠠᠨ ᠤ ᠴᠢᠠᠠᠬᠰᠢᠳᠠ ᠢᠢᠨ ᠡᠷᠳᠡᠮ ᠨᠣᠮ ᠤᠨ ᠶᠡᠬᠡ ᠦᠢᠯᠡ ᠬᠡᠷᠡᠭ ᠲᠥ ᠥᠨᠳᠥᠷ ᠠᠮᠵᠢᠯᠲᠠ ᠬᠦᠰᠡᠵᠦ᠂ ᠲᠠᠨ ᠳᠤ ᠪᠣᠯᠤᠨ ᠲᠠᠨ ᠤ ᠭᠡᠷ ᠪᠦᠯᠢ ᠳᠥ ᠠᠵᠠ ᠵᠢᠷᠭᠠᠯ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃ ᠮᠥᠩᠬᠡ ᠲᠩᠷᠢ ᠢᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ᠃