Та "Internet explorer"-ийн сүүлийн хувилбар болох "Microsoft edge"-г ашиглана уу

Хэрэв "Microsoft edge"-г татах бол энд дарж татаж авна уу

《ᠡᠷᠡᠭᠦᠯ ᠮᠣᠩ᠋ᠭᠣᠯ ᠬᠦᠮᠦᠨ》ᠬᠥᠳᠡᠯᠭᠡᠭᠡᠨ ᠦ ᠬᠦᠷᠢᠶᠡᠨ ᠳᠥ ᠶᠠᠫᠣᠨ ᠤᠯᠤᠰ ᠲᠠᠢ ᠬᠠᠮᠲᠤᠷᠠᠨ ᠵᠢᠷᠦᠬᠡ᠂ ᠰᠤᠳᠠᠰᠤᠨ ᠤ ᠲᠥᠪ ᠪᠠᠢᠢᠭᠤᠯᠤᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ 2022 ᠣᠨ ᠤ 12 ᠳ᠋ᠤᠭᠠᠷ ᠰᠠᠷ᠎ᠠ ᠳᠤ ᠶᠠᠫᠣᠨ ᠤᠯᠤᠰ ᠲᠤ ᠬᠢᠭ᠍ᠰᠡᠨ ᠠᠢᠢᠯᠴᠢᠯᠠᠯ ᠤᠨ ᠮᠥᠷ ᠢᠶᠡᠷ ᠡᠷᠡᠭᠦᠯ ᠮᠡᠨᠳᠦ᠂ ᠠᠨᠠᠭᠠᠬᠤ ᠤᠬᠠᠭᠠᠨ ᠤ ᠰᠠᠯᠪᠤᠷᠢ ᠲᠤ ᠬᠠᠷᠢᠯᠴᠠᠨ ᠠᠰᠢᠭᠲᠠᠢ ᠬᠠᠮᠲᠤ ᠢᠢᠨ ᠠᠵᠢᠯᠯᠠᠭ᠎ᠠ ᠢᠢ ᠳᠡᠮᠵᠢᠨ᠂ ᠬᠣᠶᠠᠷ ᠣᠷᠣᠨ ᠤ ᠢᠷᠭᠡᠳ ᠦᠨ ᠡᠷᠡᠭᠦᠯ ᠮᠡᠨᠳᠦ ᠢᠢ ᠰᠠᠢᠢᠵᠢᠷᠠᠭᠤᠯᠬᠤ ᠴᠢᠭᠯᠡᠯ ᠢᠶᠡᠷ ᠶᠠᠫᠣᠨ ᠤ ᠲᠠᠯ᠎ᠠ ᠲᠠᠢ ᠢᠳᠡᠪᠬᠢᠲᠡᠢ ᠬᠠᠮᠲᠤᠷᠠᠨ ᠠᠵᠢᠯᠯᠠᠬᠤ ᠪᠠᠷ ᠪᠣᠯᠤᠯ᠎ᠠ᠃

ᠡᠨᠡ ᠲᠤᠬᠠᠢ ᠰᠠᠨᠠᠮᠵᠢ ᠪᠢᠴᠢᠭ᠌ ᠲᠥ ᠲᠠᠯ᠎ᠠ ᠨᠤᠭᠤᠳ ᠢ ᠲᠥᠯᠦᠭᠡᠯᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠡᠳ᠋ ᠳᠠᠷᠤᠭ᠎ᠠ ᠠ᠊᠂ ᠦᠢᠯᠡᠰᠲᠡᠭᠦᠯᠳᠡᠷ᠂ ᠶᠠᠫᠣᠨ ᠤᠯᠤᠰ ᠤᠨ《ᠲᠣᠺᠦᠰᠶᠦᠺᠠᠢ ᠮᠧᠳᠢᠺᠠᠯ ᠭᠷᠤᠢᠫ》᠍ ᠤᠨ ᠶᠡᠷᠦᠩᠬᠡᠢᠢᠯᠡᠭᠴᠢ ᠬᠢᠭᠠᠰᠢᠥ ᠡ ᠰᠢᠨᠢᠴᠢ‍ ᠨᠠᠷ ᠭᠠᠷ ᠤᠨ ᠦᠰᠦᠭ ᠵᠢᠷᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ《ᠡᠷᠡᠭᠦᠯ ᠮᠣᠩ᠋ᠭᠣᠯ ᠬᠦᠮᠦᠨ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠲᠠᠯ᠎ᠠ ᠨᠤᠭᠤᠳ᠄

ᠤᠯᠤᠰ ᠤᠨ ᠭᠤᠷᠪᠠᠳᠤᠭᠠᠷ ᠲᠥᠪ ᠡᠮᠨᠡᠯᠭᠡ ᠢᠢ ᠲᠦᠰᠢᠭᠯᠡᠨ ᠵᠢᠷᠦᠬᠡ᠂ ᠰᠤᠳᠠᠰᠤᠨ ᠤ ᠲᠥᠪ ᠪᠠᠢᠢᠭᠤᠯᠬᠤ᠂ ᠲᠣᠨᠣᠭ ᠲᠥᠬᠥᠭᠡᠷᠦᠮᠵᠢ ᠪᠡᠷ ᠬᠠᠩ᠋ᠭᠠᠬᠤ;
ᠮᠣᠩ᠋ᠭᠣᠯ ᠤᠯᠤᠰ ᠲᠤ ᠣᠨᠣᠰᠢᠯᠠᠵᠤ ᠴᠢᠳᠠᠳᠠᠭ ᠦᠭᠡᠢ ᠡᠮᠭᠡᠭ ᠦᠳ ᠢ ᠵᠥᠪ ᠣᠨᠣᠰᠢᠯᠠᠵᠤ᠂ ᠡᠮᠴᠢᠯᠡᠭᠡ ᠬᠢᠬᠦ ᠴᠢᠭᠯᠡᠯ ᠢᠶᠡᠷ ᠮᠣᠩ᠋ᠭᠣᠯ ᠡᠮᠴᠢ ᠨᠠᠷ ᠲᠤ ᠮᠡᠷᠭᠡᠵᠢᠯ ᠡᠵᠡᠮᠰᠢᠭᠦᠯᠬᠦ᠂ ᠪᠣᠯᠪᠠᠰᠤᠨ ᠬᠦᠴᠦᠨ ᠪᠡᠯᠡᠳᠬᠡᠬᠦ;
ᠮᠣᠩ᠋ᠭᠣᠯ ᠤᠯᠤᠰ ᠲᠤ ᠡᠮᠴᠢᠯᠡᠭᠳᠡᠬᠦ ᠪᠣᠯᠤᠮᠵᠢ ᠦᠭᠡᠢ ᠵᠠᠷᠢᠮ ᠡᠪᠡᠳᠴᠢᠨ ᠢ ᠶᠠᠫᠣᠨ ᠤᠯᠤᠰ ᠲᠤ ᠣᠨᠣᠰᠢᠯᠠᠭᠤᠯᠬᠤ᠂ ᠡᠮᠨᠡᠯ ᠵᠦᠢ ᠢᠢᠨ ᠲᠤᠰᠠᠯᠠᠮᠵᠢ ᠠᠪᠬᠤ᠂ ᠶᠠᠫᠣᠨ ᠤᠯᠤᠰ ᠤᠨ ᠨᠠᠷᠢᠨ ᠮᠡᠷᠭᠡᠵᠢᠯ ᠦᠨ ᠡᠮᠴᠢ ᠨᠠᠷ ᠰᠤᠷᠭᠠᠯᠲᠠ ᠬᠢᠬᠦ ᠵᠡᠷᠭᠡ ᠪᠡᠷ ᠬᠠᠮᠲᠤᠷᠠᠨ ᠠᠵᠢᠯᠯᠠᠨ᠎ᠠ᠃
ᠱᠠᠭᠠᠷᠳᠠᠭᠳᠠᠬᠤ ᠵᠢᠷᠭᠤᠭ᠎ᠠ ᠬᠦᠷᠲᠡᠯ᠎ᠡ ᠲᠡᠷᠪᠤᠮ ᠢᠶᠸᠨ ᠦ ᠰᠠᠩᠬᠦᠵᠢᠯᠲᠡ ᠢᠢ ᠶᠠᠫᠣᠨ ᠤᠯᠤᠰ ᠤᠨ 《ᠲᠣᠺᠦᠰᠶᠦᠺᠠᠢ ᠮᠧᠳᠢᠺᠠᠯ ᠭᠷᠤᠢᠫ》 ᠪᠥᠷᠢᠨ ᠬᠠᠷᠢᠭᠤᠴᠠᠬᠤ ᠶᠤᠮ᠃

ᠰᠠᠨᠠᠮᠵᠢ ᠪᠢᠴᠢᠭ᠌ ᠲᠥ ᠭᠠᠷ ᠤᠨ ᠦᠰᠦᠭ ᠵᠢᠷᠤᠬᠤ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠡᠷᠡᠭᠦᠯ ᠮᠡᠨᠳᠦ᠂ ᠰᠫᠣᠷᠲ᠂ ᠨᠡᠢᠢᠭᠡᠮ ᠦᠨ ᠪᠣᠳᠣᠯᠭ᠎ᠠ ᠢᠢᠨ ᠵᠥᠪᠯᠡᠬᠦ ᠲᠤ‍᠂ ᠮᠥᠩᠬᠡᠰᠠᠢᠢᠬᠠᠨ᠂ ᠮᠣᠩ᠋ᠭᠣᠯ ᠤᠯᠤᠰ ᠤᠨ ᠶᠡᠷᠦᠩᠬᠡᠢ ᠰᠠᠢᠢᠳ ᠤᠨ ᠣᠷᠣᠨ ᠲᠣᠭᠠᠨ ᠤ ᠪᠤᠰᠤ ᠵᠦᠪᠯᠡᠬᠦ᠂ 《ᠮᠣᠩ᠋ᠭᠣᠯ-ᠶᠠᠫᠣᠨ ᠤ ᠲᠣᠭᠲᠠᠪᠤᠷᠢᠲᠠᠢ ᠬᠥᠭ᠍ᠵᠢᠯ ᠦᠨ ᠨᠡᠢᠢᠭᠡᠮᠯᠢᠭ᠌》 ᠲᠥᠷᠦ ᠢᠢᠨ ᠪᠤᠰᠤ ᠪᠠᠢᠢᠭᠤᠯᠤᠯᠭ᠎ᠠ ᠢᠢᠨ ᠲᠡᠷᠢᠭᠦᠨ ᠪ᠂ ᠪᠠᠶᠠᠷᠰᠠᠢᠢᠬᠠᠨ᠂ 《ᠲᠣᠺᠦᠰᠶᠦᠺᠠᠢ ᠮᠧᠳᠢᠺᠠᠯ ᠭᠷᠤᠢᠫ》 ᠤᠨ 《ᠱᠣᠣᠨᠠᠨ ᠺᠠᠮᠠᠺᠥᠷᠠ‍》ᠡᠮᠨᠡᠯᠭᠡ ᠢᠢᠨ ᠶᠡᠷᠦᠩᠬᠡᠢ ᠵᠠᠬᠢᠷᠤᠯ ᠺᠣᠪᠠᠶᠠᠰᠱ‍ ᠱᠶᠦᠵᠣ‍᠂ 《ᠲᠣᠺᠦᠰᠶᠦᠺᠠᠢ ᠮᠧᠳᠢᠺᠠᠯ ᠭᠷᠤᠢᠫ》᠍ ᠤᠨ ᠵᠠᠬᠢᠷᠭᠠᠨ ᠤ ᠭᠠᠵᠠᠷ ᠤᠨ ᠳᠠᠷᠤᠭ᠎ᠠ ᠡᠱᠢᠺᠠᠸᠠ‍ ᠢᠴᠡᠷᠣ‍᠂ 《ᠲᠣᠺᠦᠰᠶᠦᠺᠠᠢ ᠮᠧᠳᠢᠺᠠᠯ ᠭᠷᠤᠢᠫ》᠍ ᠢᠢᠨ ᠣᠯᠠᠨ ᠨᠡᠢᠢᠲᠡ ᠲᠡᠢ ᠬᠠᠷᠢᠯᠴᠠᠬᠤ ᠭᠠᠵᠠᠷ ᠤᠨ ᠶᠡᠷᠦᠩᠬᠡᠢ ᠮᠧᠨᠧᠵᠧᠷ ᠦᠡᠳᠠ‍ ᠨᠣᠪᠤᠷᠦ‍ ᠨᠠᠷ ᠪᠠᠢᠢᠯᠴᠠᠪᠠ᠃