Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠳ᠋ᠦ ᠣᠷᠤᠰ  ᠤᠨ ᠬᠤᠯᠪᠤᠭᠠᠨ  ᠤ ᠤᠯᠤᠰ  ᠤᠨ ᠡᠯᠴᠢᠨ ᠰᠠᠢᠢᠳ ᠪᠠᠷᠠᠭᠠᠯᠬᠠᠯ ᠠ

ᠣᠷᠤᠰ ᠦ᠋ᠨ ᠬᠣᠯᠪᠤᠭᠠᠨ ᠤ ᠤᠯᠤᠰ ᠠ᠋ᠴᠠ ᠮᠣᠩ᠋ᠭᠤᠯ ᠤᠯᠤᠰ ᠲᠤ ᠰᠠᠭᠤᠭ᠎ᠠ ᠣᠨᠴᠠ ᠪᠥᢉᠡᠳ ᠪᠦᠷᠢᠨ ᠡᠷᠬᠡᠲᠦ ᠡᠯᠴᠢᠨ ᠰᠠᠢᠢᠳ ᠢ‍᠎᠎᠎᠎᠎᠎᠂ ᠺᠠ‍᠎‍‍‍‍᠂ ᠠᠽᠢᠽᠣᠸ ᠡᢉᠦᠷᢉᠡᠲᠦ ᠠᠵᠢᠯ ᠶ᠋ᠢᠠᠨ ᠳᠠᠭᠤᠰᠬᠠᠪᠤᠷᠢ ᠪᠣᠯᠭᠠᠵᠤ᠂ ᠨᠤᠲᠤᠭ ᠪᠤᠴᠠᠬᠤ ᠪᠣᠯᠤᠭᠰᠠᠨ ᠲᠠᠢ ᠪᠠᠨ ᠬᠣᠯᠪᠤᠭᠳᠠᠭᠤᠯᠤᠨ ᠮᠣᠩ᠋ᠭᠣᠯ ᠤᠯᠤᠰ ᠦ᠋ᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠤᠢᠬᠡ ᠳ᠋ᠦ ᠪᠠᠷᠠᠭᠠᠯᠬᠠᠪᠠ᠃

ᠮᠣᠩ᠋ᠭᠤᠯ ᠤᠯᠤᠰ ᠦ᠋ᠨᠨ ᠶᠡᠷᠦᠩᠬᠡᠢᠢᠯᠡᢉᠴᠢ ᠡᠯᠴᠢᠨ ᠰᠠᠢᠢᠳ ᠢ‍᠎᠎᠎᠎᠎᠎᠂ ᠺᠠ‍᠎‍‍‍‍᠂ ᠠᠽᠢᠽᠣᠸ ᠦ᠋ᠨ ᠮᠣᠩ᠋ᠭᠣᠯ ᠤᠯᠤᠰ ᠲᠤ ᠠᠵᠢᠯᠯᠠᠭᠰᠠᠨ ᠶᠢᠰᠦᠨ ᠵᠢᠯ ᠦ᠋ᠨ ᠬᠤᠭᠤᠴᠠᠭᠠᠨ ᠳ᠋ᠤ ᠮᠣᠩ᠋ᠭᠣᠯ᠂ ᠣᠷᠤᠰ ᠦ᠋ᠨ ᠤᠯᠠᠮᠵᠢᠯᠠᠯᠲᠤ᠂ ᠨᠠᠢᠢᠷᠰᠠᠭ ᠬᠠᠷᠢᠯᠴᠠᠭ᠎ᠠ᠂ ᠬᠠᠮᠲᠤ ᠶ᠋ᠢᠨ ᠠᠵᠢᠯᠯᠠᠭ᠎ᠠ ᠥᠷᢉᠡᠵᠢᠨ ᠲᠡᠯᠡᠵᠦ᠂ ᠢᠵᠢ ᠪᠦᠷᠢᠨ ᠰᠲ᠋ᠷᠠᠲ᠋ᠧᢉᠢ ᠶ᠋ᠢᠨ ᠲᠦᠩᠰᠢᠯᠡᠯ ᠦ᠋ᠨ ᠲᠦᠪᠰᠢᠨ ᠳ᠋ᠦ ᠬᠦᠷᠦᢉᠰᠡᠨ ᠢ᠋ ᠣᠨᠴᠠᠯᠠᠨ ᠲᠡᠮᠳᠡᢉᠯᠡᢉᠡᠳ᠂ ᠴᠢᠨᠠᠬᠰᠢᠳᠠ ᠶ᠋ᠢᠨ ᠠᠵᠢᠯ᠂ ᠦᠢᠯᠡᠰ ᠲᠦ ᠨᠢ ᠠᠮᠵᠢᠯᠲᠠ ᠬᠦᠰᠡᠯ ᠡ᠃

ᠡᠯᠴᠢᠨ ᠰᠠᠢᠢᠳ ᠢ‍᠎᠎᠎᠎᠎᠎᠂ ᠺᠠ‍᠎‍‍‍‍᠂ ᠠᠽᠢᠽᠣᠸ ᠬᠦᠯᠢᠶᠡᠨ ᠠᠪᠴᠤ ᠠᠭᠤᠯᠵᠠᠭᠰᠠᠨ ᠳ᠋ᠤ ᠨᠢ ᠮᠣᠩ᠋ᠭᠣᠯ ᠤᠯᠤᠰ ᠦ᠋ᠨᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠳ᠋ᠦ ᠲᠠᠯᠠᠷᠬᠠᠯ ᠢᠯᠡᠷᠬᠡᠢᠢᠯᠡᠵᠦ᠂ ᠬᠣᠶᠠᠷ ᠣᠷᠤᠨ ᠤ ᠢᠵᠢ ᠪᠦᠷᠢᠨ ᠰᠲ᠋ᠷᠠᠲ᠋ᠧᢉᠢ ᠶ᠋ᠢᠨ ᠲᠦᠩᠰᠢᠯᠡᠯ ᠦ᠋ᠨ ᠬᠠᠷᠢᠯᠴᠠᠭ᠎ᠠ ᠴᠢᠨᠠᠬᠰᠢᠳᠠ ᠴᠤ ᢉᠦᠢᠨᠵᠡᢉᠡᠢᠢᠷᠡᠨ ᠬᠥᢉᠵᠢᠵᠦ᠂ ᠬᠠᠮᠲᠤᠷᠠᠨ ᠬᠡᠷᠡᢉᠵᠢᢉᠦᠯᠵᠦ ᠪᠤᠢ ᠲᠥᠰᠦᠯ᠂ ᠬᠥᠲᠦᠯᠪᠦᠷᠢ ᠨᠦᢉᠦᠳ ᠤᠷᠤᠭᠰᠢᠯᠠᠨ᠎ᠠ ᢉᠡᠳᠡᠭ ᠲᠦ ᠢᠲᠡᢉᠡᠯᠲᠡᠢ ᠪᠠᠢᠢᠭ᠎ᠠ ᠪᠠᠨ ᠬᠡᠯᠡᠪᠡ᠃