Та "Internet explorer"-ийн сүүлийн хувилбар болох "Microsoft edge"-г ашиглана уу

Хэрэв "Microsoft edge"-г татах бол энд дарж татаж авна уу

“ᠶᠡᠷᠦᠩᠬᠡᠢᠢᠯᠡᢉᠴᠢ ᠶ᠋ᠢᠨ ᠢᠯᠡᢉᠡᠯᠲᠡ ᠒᠑᠐᠐” ᠬᠥᠲᠦᠯᠪᠦᠷᠢ ᠶ᠋ᠢᠨ ᠡᠵᠡᠳ ᠲᠦ ᠵᠠᠬᠢᠶ᠎ᠠ᠂ ᠳᠠᠭᠠᠭᠠᠯᠭᠠᠪᠤᠷᠢ ᠭᠠᠷᠳᠠᠭᠤᠯᠪᠠ

ᠮᠣᠩ᠋ᠭᠤᠯ ᠤᠯᠤᠰ ᠤ᠋ᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠤᠢᠬᠡ ᠶ᠋ᠢᠨ ᠰᠠᠨᠠᠭᠠᠴᠢᠯᠠᠭᠰᠠᠨ “ᠶᠡᠷᠦᠩᠬᠡᠢᠢᠯᠡᢉᠴᠢ ᠶ᠋ᠢᠨ ᠢᠯᠡᢉᠡᠯᠲᠡ ᠒᠑᠐᠐” ᠲᠡᠳᠬᠦᠯᢉᠡᠳ᠋ᠦ ᠬᠥᠲᠦᠯᠪᠦᠷᠢ ᠬᠣᠶᠠᠷ ᠳ᠋ᠠᠬᠢ ᠵᠢᠯ ᠳ᠋ᠦ ᠪᠡᠨ ᠬᠡᠷᠡᢉᠵᠢᠵᠦ ᠪᠠᠢᠢᠨ᠎ᠠ᠃

ᠡᠨᠡ ᠬᠥᠲᠦᠯᠪᠦᠷᠢ ᠨᠢ ᠓᠓᠐ ᠰᠤᠮᠤ᠂ ᠑᠗᠑ ᠬᠣᠷᠢᠶ᠎ᠠ ᠪᠦᠷᠢ ᠡᠴᠡ ᠰᠢᠯᠢᠳᠡᠭ ᠰᠤᠷᠤᠭᠴᠢ ᠰᠢᠯᠭᠠᠷᠠᠭᠤᠯᠵᠤ᠂ ᠪᠡᠯᠡᠳᠬᠡᠯ ᠬᠥᠲᠦᠯᠪᠦᠷᠢ ᠳᠦ ᠬᠠᠮᠤᠷᠤᠭᠤᠯᠤᠨ᠂ ᠳᠡᠯᠡᠬᠡᠢ ᠶ᠋ᠢᠨ ᠰᠢᠯᠢᠳᠡᠭ ᠶᠡᠬᠡ᠂ ᠳᠡᢉᠡᠳᠦ ᠰᠤᠷᠭᠠᠭᠤᠯᠢ ᠳ᠋ᠤ ᠰᠤᠷᠬᠤ ᠪᠣᠯᠵᠤᠯ ᠬᠠᠩ᠋ᠭᠠᠬᠤ ᠳ᠋ᠤ ᠨᠢ ᠪᠡᠯᠡᠳᠬᠡᠵᠦ᠂ ᠤᠯᠠᠮ  ᠢᠢᠠᠷ ᠰᠤᠷᠤᠯᠴᠠᠭᠤᠯᠵᠤ᠂ ᠲᠡᢉᠦᠰᠴᠦ ᠢᠷᠡᠬᠦ ᠳ᠋ᠦ ᠨᠢ ᠣᠷᠤᠨ ᠨᠤᠲᠤᠭ  ᠤᠨ  ᠢᠢᠠᠨ ᠬᠥᢉᠵᠢᠯ ᠢ᠋ ᠲᠦᢉᠦᠴᠢᠶᠡᠯᠡᠬᠦ ᠳ᠋ᠦ ᠲᠣᠮᠢᠯᠠᠨ ᠠᠵᠢᠯᠯᠠᠭᠤᠯᠬᠤ ᠵᠣᠷᠢᠯᠭ᠎ᠠ ᠲᠠᠢ ᠴᠣᠭᠴᠠ ᠬᠥᠲᠦᠯᠪᠦᠷᠢ ᠶᠤᠮ᠎᠃

“ᠶᠡᠷᠦᠩᠬᠡᠢᠢᠯᠡᢉᠴᠢ ᠶ᠋ᠢᠨ ᠢᠯᠡᢉᠡᠯᠲᠡ – ᠒᠑᠐᠐” ᠲᠡᠳᠬᠦᠯᢉᠡᠳ᠋ᠦ ᠬᠥᠲᠦᠯᠪᠦᠷᠢ ᠶ᠋ᠢᠨ ᠡᠵᠡᠳ ᠪᠣᠯᠵᠤ᠂ ᠪᠡᠯᠡᠳᠬᠡᠯ ᠬᠥᠲᠦᠯᠪᠦᠷᠢ ᠳᠦ ᠰᠤᠷᠤᠯᠴᠠᠵᠤ ᠪᠠᠢᠢᠭ᠎ᠠ ᠣᠶᠤᠲᠠᠨ ᠵᠠᠯᠠᠭᠤᠰ ᠲᠤ ᠮᠣᠩ᠋ᠭᠣᠯ ᠤᠯᠤᠰ  ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠵᠠᠬᠢᠶ᠎ᠠ᠂ ᠳᠠᠭᠠᠭᠠᠯᠭᠠᠪᠤᠷᠢ ᠭᠠᠷᠳᠠᠭᠤᠯᠤᠯ᠎ᠠ᠃

ᠲᠡᠷᠡ ᠪᠡᠷ ᠬᠡᠯᠡᢉᠰᠡᠨ ᠦᢉᠡᠨ ᠳ᠋ᠦ ᠪᠡᠨ “ᠣᠯᠳᠠᠭᠰᠠᠨ ᠪᠣᠯᠤᠮᠵᠢ ᠪᠠᠨ ᠪᠦᠷᠢᠨ ᠳᠦᢉᠦᠷᠡᠩ ᠠᠰᠢᠭᠯᠠᠵᠤ᠂ ᠠᠵᠢᠯ ᠠᠮᠢᠳᠤᠷᠠᠯ  ᠤᠨ ᠭᠠᠷᠤᠭ᠎ᠠ ᠪᠠᠨ ᠢᠲᠡᢉᠡᠯ ᠲᠡᢉᠦᠰ ᠡᠬᠢᠯᠡᢉᠦᠯᠬᠦ ᠨᠢ ᠬᠢᠴᠢᠶᠡᠯ ᠵᠢᠳᠬᠦᠯ᠂ ᠰᠤᠷᠤᠯᠭ᠎ᠠ ᠬᠥᠳᠡᠯᠮᠦᠷᠢ ᠡᠴᠡ ᠬᠠᠮᠢᠶᠠᠷᠤᠨ ᠠ” ᢉᠡᠳᠡᠭ ᠢ ᠵᠠᠬᠢᠪᠠ᠃

ᠮᠥᠨ ᠳᠡᠯᠡᠬᠡᠢ ᠶ᠋ᠢᠨ ᠪᠣᠯᠪᠠᠰᠤᠷᠠᠯ ᠡᠵᠡᠮᠰᠢᠵᠦ᠂ ᠬᠦᠮᠦᠨ ᠲᠥᠷᠦᠯᠬᠢᠲᠡᠨ ᠤ ᠣᠶᠤᠨ ᠰᠠᠨᠠᠭ᠎ᠠ᠂ ᠰᠢᠨᠵᠢᠯᠡᠬᠦ ᠤᠬᠠᠭᠠᠨ ᠤ᠋ ᠣᠬᠢ ᠰᠢᠮ᠎ᠡ ᠡᠴᠡ ᠰᠤᠷᠤᠯᠴᠠᠵᠤ᠂ ᠴᠢᠨᠠᠬᠰᠢᠳᠠ ᠡᠬᠡ ᠣᠷᠤᠨ ᠤ᠋ ᠪᠠᠨ ᠬᠥᢉᠵᠢᠯ ᠳᠡᠪᠰᠢᠯ᠂ ᠰᠠᠢᠢᠨ ᠰᠠᠢᠢᠬᠠᠨ ᠤ᠋ ᠲᠥᠯᠦᠭᠡ ᠬᠦᠴᠦᠨ ᠵᠢᠳᠬᠦᠬᠦ ᠦᠨᠳᠦᠰᠦᠨ ᠤ ᠮᠠᠩᠯᠠᠢᠢᠯᠠᠭᠴᠢᠳ ᠭᠡᠳᠡᠭ  ᠢ ᠲᠡᠮᠳᠡᠭᠯᠡᠪᠡ᠃
“ᠶᠡᠷᠦᠩᠬᠡᠢᠢᠯᠡᠭᠴᠢ ᠶ᠋ᠢᠨ ᠢᠯᠡᠭᠡᠯᠲᠡ ᠒᠑᠐᠐” ᠬᠥᠲᠦᠯᠪᠦᠷᠢ ᠶ᠋ᠢᠨ ᠬᠦᠷᠢᠶᠡᠨ ᠳ᠋ᠦ ᠥᠩᠭᠡᠷᠡᠭᠰᠡᠨ ᠵᠢᠯ ᠡᠴᠡ ᠒᠕᠖ ᠣᠶᠤᠲᠠᠨ ᠶᠡᠬᠡ ᠪᠷᠢᠲ᠋ᠠᠨᠢ᠂ ᠻᠠᠨᠠᠳᠠ᠂ ᠫᠣᠯᠢᠱ᠂ ᠠᠦ᠋ᠰᠲ᠋ᠷᠠᠯᠢ᠂ ᠬᠢᠲᠠᠳ᠂ ᠣᠷᠤᠰ᠂ ᠦᠨᠭ᠍ᠠᠷ᠂ ᠡᠨᠡᠳᠬᠡᠭ᠌᠂ ᠸᠢᠧᠲ᠋ᠨᠠᠮ ᠵᠡᠷᠭᠡ ᠑᠓ ᠤᠯᠤᠰ  ᠤᠨ ᠶᠡᠬᠡ᠂ ᠳᠡᠭᠡᠳᠦ ᠰᠤᠷᠭᠠᠭᠤᠯᠢ ᠳ᠋ᠤ ᠰᠤᠷᠤᠯᠴᠠᠵᠤ ᠪᠠᠢᠢᠨ᠎ᠠ᠃

ᠡᠳᠡᠭᠡᠷ ᠦ᠋ᠨ ᠖᠐ ᠭᠠᠷᠤᠢ ᠬᠤᠪᠢ ᠨᠢ ᠻᠣᠮᠫᠢᠶᠦ᠋ᠲ᠋ᠧᠷ  ᠤᠨ ᠤᠬᠠᠭᠠᠨ᠂ ᠫᠷᠣᠭ᠍ᠷᠠᠮᠮ ᠬᠠᠩ᠋ᠭᠠᠮᠵᠢ᠂ ᠪᠢᠣᠲ᠋ᠧᠻᠨᠣᠯᠣᠭᠢ᠂ ᠪᠠᠷᠢᠯᠭ᠎ᠠ ᠠᠷᠬᠢᠲ᠋ᠧᠻᠲ᠋ᠤᠷ᠂ ᠰᠡᠷᠭᠦᠭᠡᠭ᠍ᠳᠡᠬᠦ ᠡᠷᠴᠢᠮ ᠬᠦᠴᠦ ᠵᠡᠷᠭᠡ ᠢᠨᠵᠧᠨᠧᠷ᠂ ᠲᠧᠻᠨᠤᠯᠤᠭᠢ ᠶ᠋ᠢᠨ ᠴᠢᠭᠯᠡᠯ  ᠢᠢᠡᠷ ᠮᠡᠷᠭᠡᠰᠢᠵᠦ ᠪᠠᠢᠢᠭ᠎ᠠ ᠶᠤᠮ᠎᠃

“ᠶᠡᠷᠦᠩᠬᠡᠢᠢᠯᠡᠭᠴᠢ ᠶ᠋ᠢᠨ ᠢᠯᠡᠭᠡᠯᠲᠡ ᠒᠑᠐᠐” ᠲᠡᠳᠬᠦᠯᠭᠡᠳ᠋ᠦ ᠬᠥᠲᠦᠯᠪᠦᠷᠢ ᠶ᠋ᠢᠨ ᠒᠐᠒᠒ ᠣᠨ ᠤ᠋ ᠡᠵᠡᠳ ᠦ᠋ᠨ ᠨᠡᠷᠡᠰ ᠲᠡᠢ ᠡᠨᠳᠡ ᠳᠠᠷᠤᠵᠤ ᠲᠠᠨᠢᠯᠴᠠᠨ᠎ᠠ ᠤᠤ᠃

ᠮᠣᠩ᠋ᠭᠤᠯ ᠤᠯᠤᠰ ᠤ᠋ᠨ ᠶᠡᠷᠦᠩᠬᠡᠢᠢᠯᠡᠭᠴᠢ ᠶ᠋ᠢᠨ ᠵᠠᠷᠯᠢᠭ  ᠤᠨ ᠳᠠᠭᠠᠭᠤ ᠵᠠᠰᠠᠭ  ᠤᠨ ᠭᠠᠵᠠᠷ  ᠤᠨ ᠪᠠᠲᠤᠯᠠᠭᠰᠠᠨ “ᠶᠡᠷᠦᠩᠬᠡᠢᠢᠯᠡᠭᠴᠢ ᠶ᠋ᠢᠨ ᠨᠡᠷᠡᠮᠵᠢᠲᠦ ᠲᠡᠳᠬᠦᠯᠭᠡ ᠶ᠋ᠢᠨ ᠵᠢᠷᠤᠮ”᠆ ᠳ᠋ᠤ ᠵᠢᠭᠠᠭᠰᠠᠨ  ᠢᠢᠠᠷ ᠬᠠᠷᠢᠶᠠᠯᠠᠭᠳᠠᠬᠤ ᠰᠤᠮᠤ᠂ ᠬᠣᠷᠢᠶᠠᠨ ᠤ᠋ ᠪᠠᠨ ᠬᠠᠮᠤᠷᠤᠨ ᠰᠤᠷᠭᠠᠬᠤ ᠲᠣᠭᠤᠷᠢᠭ  ᠤᠨ ᠰᠤᠷᠭᠠᠭᠤᠯᠢ ᠳ᠋ᠤ ᠰᠡᠭᠦᠯ ᠦ᠋ᠨ ᠭᠤᠷᠪᠠ ᠠ᠋ᠴᠠ ᠪᠠᠭ᠎ᠠ ᠥᠭᠡᠢ ᠵᠢᠯ ᠰᠤᠷᠤᠯᠴᠠᠨ ᠲᠡᠭᠦᠰᠦᠭᠰᠡᠨ᠂ ᠮᠠᠲ᠋ᠧᠮᠠᠲ᠋ᠢᠭ ᠪᠣᠯᠤᠨ ᠭᠠᠳᠠᠭᠠᠳᠤ ᠬᠡᠯᠡᠨ ᠤ ᠡᠯᠰᠡᠯᠲᠡ ᠶ᠋ᠢᠨ ᠶᠡᠷᠦᠩᠬᠡᠢ ᠰᠢᠯᠭᠠᠯᠲᠠ ᠶ᠋ᠢᠨ ᠣᠨᠤᠭᠠᠨ ᠤ᠋ ᠳᠤᠮᠳᠠᠵᠢ ᠪᠠᠷ ᠰᠤᠮᠤ᠂ ᠬᠣᠷᠢᠶᠠᠨ ᠳ᠋ᠤ ᠪᠠᠨ ᠲᠡᠷᠢᠭᠦᠯᠡᠭᠰᠡᠨ ᠪᠣᠯ ᠲᠡᠳᠬᠦᠯᠭᠡᠳ᠋ᠦ ᠬᠥᠲᠦᠯᠪᠦᠷᠢ ᠳᠲᠦ ᠬᠠᠮᠤᠷᠤᠭᠳᠠᠬᠤ ᠪᠣᠯᠵᠤᠯ ᠬᠠᠩ᠋ᠭᠠᠳᠠᠭ ᠶᠤᠮ᠎᠃