Та "Internet explorer"-ийн сүүлийн хувилбар болох "Microsoft edge"-г ашиглана уу

Хэрэв "Microsoft edge"-г татах бол энд дарж татаж авна уу

ᠪᠦᠭᠥᠳᠡ ᠨᠠᠢᠢᠷᠠᠮᠳᠠᠬᠤ ᠰᠣᠯᠤᠩ᠋ᠭᠤᠰ ᠤᠯᠤᠰ ᠠᠴᠠ ᠮᠣᠩ᠋ᠭᠣᠯ ᠤᠯᠤᠰ ᠲᠤ ᠰᠠᠭᠤᠬᠤ ᠡᠯᠴᠢᠨ ᠰᠠᠢᠢᠳ ᠢᠲᠡᢉᠡᠮᠵᠢᠯᠡᠬᠦ ᠵᠢᠭᠤᠬᠤ ᠪᠢᠴᠢᠭ  ᠢᠢᠡᠨ ᠪᠠᠷᠢᠪᠠ

ᠪᠦᢉᠦᠳᠡ ᠨᠠᠢᠢᠷᠠᠮᠳᠠᠬᠤ ᠰᠣᠯᠤᠩ᠋ᠭᠤᠰ ᠤᠯᠤᠰ ᠠ᠋ᠴᠠ ᠮᠣᠩ᠋ᠭᠤᠯ ᠤᠯᠤᠰ ᠲᠤ ᠰᠠᠭᠤᠬᠤ ᠡᠯᠴᠢᠨ ᠰᠠᠢᠢᠳ ᠻᠢᠮ ᠵᠤᠨ ᢉᠦ ᠒᠐᠒᠓ ᠣᠨ ᠤ᠋ ᠐᠑ ᠳ᠋ᠦᢉᠡᠷ ᠰᠠᠷ᠎ᠠ ᠶ᠋ᠢᠨ ᠒᠐ – ᠤ᠋ ᠡᠳᠦᠷ ᠮᠣᠩ᠋ᠭᠣᠯ ᠤᠯᠤᠰ  ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠳ᠋ᠦ ᠢᠲᠡᢉᠡᠮᠵᠢᠯᠡᠬᠦ ᠵᠢᠭᠤᠬᠤ ᠪᠢᠴᠢᠭ᠌  ᠢᠢᠡᠨ ᠡᠷᠭᠥᠨ ᠪᠠᠷᠢᠯ᠎ᠠ᠃

ᠢᠲᠡᢉᠡᠮᠵᠢᠯᠡᠬᠦ ᠵᠢᠭᠤᠬᠤ ᠪᠢᠴᠢᠭ᠌  ᠢᠢᠡᠨ ᠡᠷᠭᠥᠨ ᠪᠠᠷᠢᠭᠰᠠᠨ ᠲᠠᠢ ᠬᠣᠯᠪᠤᠭᠳᠠᠭᠤᠯᠤᠨ ᠮᠣᠩ᠋ᠭᠣᠯ ᠤᠯᠤᠰ  ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠬᠦᠯᠢᠶᠡᠨ ᠠᠪᠴᠤ ᠠᠭᠤᠯᠵᠠᠨ᠂ ᠡᠯᠴᠢᠨ ᠰᠠᠢᠢᠳ  ᠢᠢᠠᠷ ᠲᠣᠮᠢᠯᠠᠭᠳᠠᠭᠰᠠᠨ ᠳ᠋ᠤᠷ ᠨᠢ ᠪᠠᠶᠠᠷ ᠬᠦᠷᠬᠡᠪᠡ᠃

ᠠᠭᠤᠯᠵᠠᠯᠲᠠ ᠶ᠋ᠢᠨ ᠦᠶ᠎ᠡ ᠪᠡᠷ ᠮᠣᠩ᠋ᠭᠣᠯ ᠤᠯᠤᠰ᠂ ᠪᠦᢉᠦᠳᠡ ᠨᠠᠢᠢᠷᠠᠮᠳᠠᠬᠤ ᠰᠣᠯᠤᠩ᠋ᠭᠤᠰ ᠤᠯᠤᠰ  ᠤᠨ “ᠰᠲ᠋ᠷᠠᠲ᠋ᠧᢉᠢ ᠶ᠋ᠢᠨ ᠲᠦᠩᠰᠢᠯᠡᠯ”᠆  ᠢᠢᠨ ᠪᠠᠲᠤ ᠪᠡᠬᠢ ᠬᠠᠷᠢᠯᠴᠠᠭᠠᠨ ᠳ᠋ᠤ ᠲᠦᠰᠢᢉᠯᠡᠨ ᠬᠤᠳᠠᠯᠳᠤᠭ᠎ᠠ᠂ ᠬᠥᠷᠦᠩᠭᠡ ᠣᠷᠤᠭᠤᠯᠤᠯᠲᠠ᠂ ᠡᠳ᠋  ᠤᠨ ᠵᠠᠰᠠᠭ  ᠤᠨ ᠬᠠᠮᠲᠤ ᠶ᠋ᠢᠨ ᠠᠵᠢᠯᠯᠠᠭ᠎ᠠ ᠶ᠋ᠢ ᠰᠢᠨ᠎ᠡ ᠱᠠᠲᠤᠨ ᠳ᠋ᠤ ᠭᠠᠷᠭᠠᠬᠤ᠂ ᠢᠷᠭᠡ᠍᠍᠋ᠳ ᠦ᠋ᠨ ᠡᠷᠬᠡ ᠠᠰᠢᠡ  ᠢ ᠬᠠᠷᠢᠯᠴᠠᠨ ᠬᠠᠮᠠᠭᠠᠯᠠᠬᠤ᠂ ᠬᠡᠦᠬᠡᠳ᠂ ᠵᠠᠯᠠᠭᠤᠴᠤᠤᠯ  ᠤᠨ ᠰᠣᠯᠢᠯᠴᠠᠭ᠎ᠠ ᠶ᠋ᠢ ᠳᠡᠮᠵᠢᠬᠦ ᠴᠢᠭᠯᠡᠯ ᠳ᠋ᠦ ᠬᠠᠮᠲᠤ ᠶ᠋ᠢᠨ ᠠᠵᠢᠯᠯᠠᠭ᠎ᠠ ᠶ᠋ᠢ ᠥᠷᠭᠡᠵᠢᠭᠦᠯᠦᠨ ᠬᠥᠭ᠍ᠵᠢᠭᠦᠯᠬᠦ ᠲᠠᠯ᠎ᠠ ᠪᠠᠷ ᠰᠠᠨᠠᠯ ᠰᠣᠯᠢᠯᠴᠠᠪᠠ᠃

ᠶᠡᠷᠦᠩᠬᠡᠢᠢᠯᠡᠡᠴᠢ ᠤ᠃ᠬᠦᠷᠡᠯᠰᠦ᠋ᠬᠡ ᠪᠠᠢᠢᠭᠠᠯᠢ ᠶ᠋ᠢᠨ ᠪᠠᠶᠠᠯᠢᠭ  ᠤᠨ ᠨᠥᠭᠡᠴᠡ ᠶ᠋ᠢ ᠪᠦᢉᠦᠳᠡ ᠨᠠᠢᠢᠷᠠᠮᠳᠠᠬᠤ ᠰᠣᠯᠤᠩ᠋ᠭᠤᠰ ᠤᠯᠤᠰ  ᠤᠨ ᠰᠢᠨ᠎ᠡ ᠳᠡᠪᠰᠢᠯᠲᠡᠲᠦ ᠲᠧᠻᠨᠤᠯᠤᠭᠢ᠂ ᠨᠣᠤ ᠆ ᠬᠠᠤ ᠲᠠᠢ ᠬᠣᠣᠰᠯᠠᠭᠤᠯᠤᠨ ᠡᠳ᠋  ᠤᠨ ᠵᠠᠰᠠᠭ  ᠤᠨ ᠬᠠᠷᠢᠯᠴᠠᠭ᠎ᠠ ᠶ᠋ᠢ ᠰᠢᠨ᠎ᠡ ᠠᠭᠤᠯᠭ᠎ᠠ ᠪᠠᠷ ᠪᠠᠶᠠᠵᠢᠭᠤᠯᠤᠨ ᠬᠥᠭ᠍ᠵᠢᠭᠦᠯᠬᠦ ᠥᠷᠭᠡᠨ ᠪᠣᠯᠤᠮᠵᠢ ᠪᠠᠢᠢᠭ᠎ᠠ ᠶ᠋ᠢ ᠳᠤᠷᠠᠳᠪᠠ᠃

ᠮᠥᠨ ᠬᠣᠶᠠᠷ ᠤᠯᠤᠰ ᠤ᠋ᠨ ᠬᠠᠷᠢᠯᠴᠠᠭᠠᠨ ᠤ᠋ ᠦᠨᠳᠦᠰᠦ ᠰᠠᠭᠤᠷᠢ ᠪᠣᠯᠤᠭᠰᠠᠨ ᠢᠷᠭᠡᠳ ᠦ᠋ᠨ ᠰᠣᠯᠢᠯᠴᠠᠭ᠎ᠠ ᠶ᠋ᠢ ᠳᠡᠮᠵᠢᠬᠦ᠂ ᠬᠠᠷᠢᠯᠴᠠᠨ ᠵᠣᠷᠴᠢᠬᠤ ᠨᠥᠬᠦᠴᠡᠯ ᠢ᠋ ᠬᠥᠩᠭᠡᠪᠴᠢᠯᠡᠬᠦ ᠴᠢᠭᠯᠡᠯ  ᠢᠢᠡᠷ ᠪᠣᠳᠠᠲᠤ ᠦᠷ᠎ᠡ ᠳ᠋ᠦᠩ ᠭᠠᠷᠭᠠᠵᠤ ᠠᠵᠢᠯᠯᠠᠬᠤ ᠶ᠋ᠢᠨ ᠴᠢᠬᠤᠯᠠ ᠶ᠋ᠢ ᠲᠡᠮᠳᠡᠭᠯᠡᠪᠡ᠃

ᠡᠯᠴᠢᠨ ᠰᠠᠢᠢᠳ ᠻᠢᠮ ᠵᠤᠨ ᠭᠦ ᠲᠡᠦᠬᠡ᠂ ᠰᠣᠶᠤᠯ  ᠤᠨ ᠥᠷᠭᠡᠨ ᠬᠠᠷᠢᠯᠴᠠᠭ᠎ᠠ ᠲᠠᠢ ᠮᠣᠩ᠋ᠭᠣᠯ ᠤᠯᠤᠰ ᠨᠢ ᠵᠡᠭᠦᠨ ᠬᠣᠢᠢᠳᠤ ᠠᠽᠢ ᠶ᠋ᠢᠨ ᠪᠦᠰᠡ ᠨᠤᠲᠤᠭ ᠳ᠋ᠠᠬᠢ ᠪᠦᢉᠦᠳᠡ ᠨᠠᠢᠢᠷᠠᠮᠳᠠᠬᠤ ᠰᠣᠯᠤᠩ᠋ᠭᠤᠰ ᠤᠯᠤᠰ  ᠤᠨ ᠴᠢᠬᠤᠯᠠ ᠲᠦᠩᠰᠢ ᠤᠯᠤᠰ ᠭᠡᠳᠡᠡ ᠢ ᠣᠨᠴᠠᠯᠠᠪᠠ᠃ ᠮᠥᠨ ᠮᠣᠩ᠋ᠭᠣᠯ ᠤᠯᠤᠰ  ᠤᠨ ᠶᠡᠷᠦᠩᠬᠡᠢᠢᠯᠡᠭᠴᠢ ᠶ᠋ᠢᠨ ᠲᠡᠮᠳᠡᠭᠯᠡᠨ ᠬᠡᠯᠡᠭᠰᠡᠨ ᠵᠦᠢᠯᠡᠰ ᠢ᠋ ᠠᠵᠢᠯ ᠬᠡᠷᠡᠡᠭ ᠪᠣᠯᠭᠠᠬᠤ ᠴᠢᠭᠯᠡᠯ  ᠢᠢᠡᠷ ᠠᠩᠬᠠᠷᠴᠤ ᠠᠵᠢᠯᠯᠠᠬᠤ ᠪᠠᠨ ᠢᠯᠡᠷᠬᠡᠢᠢᠯᠡᠪᠡ᠃