ᠮᠣᠩ᠋ᠭᠤᠯ ᠤᠯᠤᠰ ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠠᠷᠠᠪ ᠤᠨ ᠪᠦᢉᠦᠳᠡ ᠨᠠᠢᠢᠷᠠᠮᠳᠠᠬᠤ ᠰᠢᠷᠢ ᠤᠯᠤᠰ ᠤᠨ ᠶᠡᠷᠦᠩᠬᠡᠢᠢᠯᠡᢉᠴᠢ ᠪᠠᠱᠠᠷ ᠠᠯᠢ ᠠᠰᠰᠠᠳ ᠳ᠋ᠤ ᠡᠮᢉᠡᠨᠢᠯ ᠢᠯᠡᠷᠬᠡᠢᠢᠯᠡᠯᠡ᠃
ᠡᠮᢉᠡᠨᠢᠯ ᠳ᠋ᠦ:
“ᠠᠷᠠᠪ ᠤᠨ ᠪᠦᢉᠦᠳᠡ ᠨᠠᠢᠢᠷᠠᠮᠳᠠᠬᠤ ᠰᠢᠷᠢ ᠤᠯᠤᠰ ᠲᠤ ᠭᠠᠵᠠᠷ ᠬᠥᠳᠡᠯᠦᠯᠲᠡ ᠶ᠋ᠢᠨ ᠤᠯᠠᠮ ᠠ᠋ᠴᠠ ᠣᠯᠠᠨ ᠬᠦᠮᠦᠨ ᠠᠮᠢ ᠪᠠᠨ ᠠᠯᠳᠠᠭᠰᠠᠨ ᠲᠤᠬᠠᠢ ᠮᠡᠳᠡᠭᠡ ᠶ᠋ᠢ ᢉᠦᠨᠡ ᠬᠠᠷᠠᠭᠤᠰᠤᠨ ᠬᠦᠯᠢᠶᠡᠨ ᠠᠪᠤᠯᠠ᠃
ᠭᠠᠵᠠᠷ ᠬᠥᠳᠡᠯᠦᠯᠲᠡ ᠳ᠋ᠦ ᠥᠷᠲᠦᠵᠦ᠂ ᠠᠮᠢ ᠨᠠᠰᠤ ᠪᠠᠨ ᠠᠯᠳᠠᠭᠰᠠᠨ ᠬᠦᠮᠦᠰ ᠦ᠋ᠨ ᢉᠡᠷ ᠪᠦᠯᠢ᠂ ᠲᠥᠷᠦᠯ ᠲᠥᠷᠦᢉᠰᠡᠳ᠂ ᠣᠢᠢᠷᠠ ᠳᠣᠲᠤᠨᠤ ᠶ᠋ᠢᠨ ᠬᠢᠨ ᠳ᠋ᠤ ᠮᠣᠩ᠋ᠭᠣᠯ ᠤᠨ ᠠᠷᠠᠳ ᠲᠦᠮᠡᠨ ᠤ ᠨᠡᠷᠡ ᠶ᠋ᠢᠨ ᠡᠮᠦᠨᠡ ᠡᠴᠡ ᢉᠦᠨ ᠡᠮᢉᠡᠨᠢᠯ ᠢᠯᠡᠷᠬᠡᠢᠢᠯᠡᠶᠡ᠃
ᠭᠠᠮᠰᠢᠭ ᠤᠨ ᠬᠣᠬᠢᠷᠠᠯ ᠢ᠋ ᠠᠯᠢ ᠪᠣᠯᠬᠤ ᠬᠤᠷᠳᠤᠨ ᠠᠷᠢᠯᠭᠠᠵᠤ᠂ ᠰᠢᠷᠬᠠᠳᠠᠭᠰᠠᠨ ᠬᠦᠮᠦᠰ ᠬᠤᠷᠳᠤᠨ ᠡᠳᠡᢉᠡᠷᠡᠵᠦ᠂ ᠨᠡᢉᠦᠨ ᠰᠠᠭᠤᠷᠢᠰᠢᠵᠤ ᠪᠤᠢ ᠠᠷᠠᠳ ᠢᠷᢉᠡᠳ ᠬᠡᠪ ᠦ᠋ᠨ ᠠᠮᠢᠳᠤᠷᠠᠯ ᠳ᠋ᠤ ᠪᠠᠨ ᠳᠠᠷᠤᠢ ᠡᠷᢉᠢᠨ ᠣᠷᠤᠭᠠᠰᠠᠢ ᠬᠡᠮᠡᠨ ᠬᠦᠰᠡᠵᠦ ᠪᠠᠢᠢᠨ ᠠ” ᢉᠡᠵᠡᠢ᠃