Та "Internet explorer"-ийн сүүлийн хувилбар болох "Microsoft edge"-г ашиглана уу

Хэрэв "Microsoft edge"-г татах бол энд дарж татаж авна уу

ᠡᠩᠬᠡ ᠶ᠋ᠢ ᠰᠠᠬᠢᠭᠤᠯᠤᠭᠴᠢᠳ ᠲᠤ ᠲᠥᠷᠦ ᠶ᠋ᠢᠨ ᠣᠳᠤᠨ᠂ ᠮᠧᠳ᠋ᠠᠯ ᠭᠠᠷᠳᠠᠭᠤᠯᠪᠠ

ᠮᠣᠩ᠋ᠭᠤᠯ ᠤᠯᠤᠰ  ᠤᠨ ᠶᠡᠷᠦᠩᠬᠡᠢᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨᠳ᠋ᠯᠠᠭᠴᠢ ᠤᠬᠤᠨ᠎ᠠ ᠶ᠋ᠢᠨ ᠬᠦᠷᠡᠯᠰᠤᠢᠬᠡ ᠪᠦᢉᠦᠳᠡ ᠨᠠᠢᠢᠷᠠᠮᠳᠠᠬᠤ ᠡᠮᠦᠨᠡᠳ᠋ᠦ ᠰᠦᠳ᠋ᠠᠨ ᠤᠯᠤᠰ ᠲᠤ ᠨᠢᢉᠡᠳᠦᢉᠰᠡᠨ ᠦᠨᠳᠦᠰᠦᠲᠡᠨ ᠤ ᠪᠠᠢᠢᠭᠤᠯᠤᠯᠭ᠎ᠠ ᠶ᠋ᠢᠨ ᠡᠩᠬᠡ ᠶ᠋ᠢ ᠰᠠᠬᠢᠭᠤᠯᠬᠤ “UNMISS” ᠠᠵᠢᠯᠯᠠᠭᠠᠨ ᠳ᠋ᠤ ᠡᢉᠦᠷᠭᠡ ᠪᠡᠨ ᠨᠡᠷ᠎ᠡ ᠲᠥᠷᠦ ᠲᠡᠢ ᢉᠦᠢᠢᠴᠡᠳᠬᠡᢉᠰᠡᠨ ᠮᠣᠲ᠋ᠣᠪᠤᠤᠳᠠᠯᠭ᠎ᠠ ᠶ᠋ᠢᠨ ᠪᠠᠲ᠋ᠠᠯᠢᠣᠨ᠋ ᠤ ᠪᠡᠶ᠎ᠡ ᠪᠦᠷᠢᠯᠳᠦᠬᠦᠨ ᠳ᠋ᠦ ᠲᠥᠷᠦ ᠶ᠋ᠢᠨ ᠣᠳᠤᠨ᠂ ᠮᠧᠳ᠋ᠠᠯ ᠭᠠᠷᠳᠠᠭᠤᠯᠪᠠ᠃

ᠴᠡᠷᠢᠭ  ᠤᠨ ᠭᠠᠪᠢᠶᠠᠨ ᠤ᠋ ᠣᠳᠤᠨ  ᠢᠢᠠᠷ:

ᠮᠣᠩ᠋ᠭᠤᠯ ᠤᠯᠤᠰ ᠤ᠋ᠨ ᠵᠡᠪᠰᠡᢉᠲᠦ ᠬᠦᠴᠦᠨ ᠤ ᠣᠹᠢᠼᠧᠷ  ᠤᠨ ᠮᠡᠳᠡᠯᠭᠡ᠂ ᠤᠷ᠎ᠠ ᠴᠢᠳᠠᠪᠤᠷᠢ ᠶ᠋ᠢ ᠬᠠᠷᠠᠭᠤᠯᠵᠤ᠂ ᠨᠢᢉᠡᠳᠦᢉᠰᠡᠨ ᠦᠨᠳᠦᠰᠦᠲᠡᠨ ᠤ ᠪᠠᠢᠢᠭᠤᠯᠤᠯᠭ᠎ᠠ ᠶ᠋ᠢᠨ ᠡᠩᠬᠡ ᠶ᠋ᠢ ᠰᠠᠬᠢᠭᠤᠯᠬᠤ ᠠᠵᠢᠯᠯᠠᠭᠠᠨ ᠤ᠋ ᠬᠦᠴᠦᠨ ᠤ ᠱᠲ᠋ᠠᠪ  ᠤᠨ ᠤᠳᠤᠷᠢᠳᠬᠤ ᠠᠯᠪᠠᠨ ᠲᠤᠰᠢᠶᠠᠯ ᠳ᠋ᠤ ᠡᢉᠦᠷᠭᠡ ᢉᠦᠢᠢᠴᠡᠳᠬᠡᢉᠰᠡᠨ ᠬᠤᠷᠠᠩᠳᠠ ᠣᠩᠨᠠᠭᠠᠨ ᠤ᠋ ᠨᠠᠴᠠᠭᠳᠣᠷᠵᠢ ᠨᠠᠷ  ᠤᠨ ᠵᠢᠷᠭᠤᠭᠠᠨ ᠠᠯᠪᠠ ᠬᠠᠭᠠᠭᠴᠢ ᠶ᠋ᠢ;
ᠴᠡᠷᠢᠭ  ᠤᠨ ᠬᠦᠨᠳᠦᠲᠦ ᠮᠧᠳ᠋ᠠᠯ  ᠢᠢᠠᠷ:

ᠴᠡᠷᠢᠭ  ᠤᠨ ᠪᠠᠭ  ᠤᠨ ᠠᠵᠢᠯᠯᠠᠭᠠᠨ ᠤ᠋ ᠤᠳᠤᠷᠢᠳᠤᠯᠭ᠎ᠠ᠂ ᠡᠳᠦᠷ ᠲᠤᠲᠤᠮ  ᠤᠨ ᠦᠢᠯᠡ ᠠᠵᠢᠯᠯᠠᠭ᠎ᠠ ᠶ᠋ᠢ ᠴᠢᠳᠠᠪᠤᠷᠢᠯᠢᠭ ᠵᠣᠬᠢᠶᠠᠨ ᠪᠠᠢᠢᠭᠤᠯᠤᠭᠰᠠᠨ ᠳᠡᠳ᠋ ᠬᠤᠷᠠᠩᠳᠠ ᠨᠠᠷᠠᠮᠠᠨᠳᠤᠬᠤ ᠶ᠋ᠢᠨ ᢉᠡᠷᠡᠯᠪᠠᠳᠠᠷᠠᠬᠤ ᠨᠠᠷ  ᠤᠨ ᠑᠗ ᠠᠯᠪᠠ ᠬᠠᠭᠠᠭᠴᠢ ᠶ᠋ᠢ;
ᠡᠩᠬᠡ ᠶ᠋ᠢᠨ ᠲᠥᠯᠦᠭᠡ ᠮᠧᠳ᠋ᠠᠯ  ᠢᠢᠠᠷ:

ᠡᠩᠬᠡ ᠶ᠋ᠢ ᠰᠠᠬᠢᠭᠤᠯᠬᠤ ᠠᠵᠢᠯᠯᠠᠭᠠᠨ ᠳ᠋ᠤ ᠠᠩᠬ᠎ᠠ ᠤᠳᠠᠭ᠎ᠠ ᠪᠠᠨ ᠣᠷᠤᠯᠴᠠᠵᠤ᠂ ᠲᠣᠮᠢᠯᠠᠭᠠᠲᠤ ᠡᢉᠦᠷᠭᠡ ᠪᠡᠨ ᠠᠮᠵᠢᠯᠲᠠ ᠲᠠᠢ ᠪᠡᠶᠡᠯᠡᢉᠦᠯᠦᢉᠰᠡᠨ ᠠᠬᠠᠮᠠᠳ ᠪᠠᠲᠤᠰᠦ᠋ᠬᠡ ᠶ᠋ᠢᠨ ᠬᠡᠰᠢᢉᠰᠦ᠋ᠷᠦᠩ᠂ ᠠᠬᠠᠯᠠᠬᠤ ᠳᠡᠰᠯᠡᢉᠴᠢ ᠭᠠᠩᠪᠠᠲᠤ ᠶ᠋ᠢᠨ ᠰᠢᠮᠪᠠᠵᠠᠪ᠂ ᠠᠬᠠᠯᠠᠬᠤ ᠠᠬᠠᠯᠠᠭᠴᠢ ᠭᠠᠯᠴᠢᠭ  ᠤᠨ ᠣᠻᠲ᠋ᠢᠶᠠᠪᠷᠢ᠂ ᠳᠡᠳ᠋ ᠠᠬᠠᠯᠠᠭᠴᠢ ᠫᠦᠷᠪᠦᠰᠦ᠋ᠷᠦᠩ ᠦ᠋ᠨ ᠮᠥᠩᠬᠡᠰᠠᠷᠠᠨ ᠨᠠᠷ  ᠤᠨ ᠔᠑᠗ ᠠᠯᠪᠠ ᠬᠠᠭᠠᠭᠴᠢ ᠶ᠋ᠢ ᠱᠠᠩᠨᠠᠯ ᠠ᠃
ᠮᠣᠩ᠋ᠭᠤᠯ ᠤᠯᠤᠰ  ᠤᠨ ᠶᠡᠷᠦᠩᠬᠡᠢᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨᠳ᠋ᠯᠠᠭᠴᠢ ᠤᠬᠤᠨ᠎ᠠ ᠶ᠋ᠢᠨ ᠬᠦᠷᠡᠯᠰᠦ᠋ᠬᠡ ᠡᠩ ᠦ᠋ᠨ ᠢᠷᢉᠡᠳ ᠢ᠋ ᠬᠠᠮᠠᠭᠠᠯᠠᠬᠤ᠂ ᠨᠢᢉᠡᠳᠦᢉᠰᠡᠨ ᠦᠨᠳᠦᠰᠦᠲᠡᠨ ᠤ ᠪᠠᠢᠢᠭᠤᠯᠤᠯᠭ᠎ᠠ ᠶ᠋ᠢᠨ ᠪᠠᠭᠠᠵᠠ᠂ ᠠᠵᠢᠯᠴᠢᠳ  ᠤᠨ ᠠᠶᠤᠯ ᠦᢉᠡᠢ ᠪᠠᠢᠢᠳᠠᠯ ᠢ᠋ ᠬᠠᠩ᠋ᠭᠠᠬᠤ᠂ ᠬᠦᠮᠦᠨᠯᠢᠭ  ᠤᠨ ᠪᠠᠢᠢᠭᠤᠯᠤᠯᠭ᠎ᠠ ᠶ᠋ᠢᠨ ᠦᠢᠯᠡ ᠠᠵᠢᠯᠯᠠᠭᠠᠨ ᠳ᠋ᠤ ᠳᠡᠮᠵᠢᠯᠭᠡ ᠦᠵᠡᢉᠦᠯᠬᠦ ᠵᠡᠷᠭᠡ ᠡᢉᠦᠷᠭᠡ ᠪᠡᠨ ᠨᠡᠷ᠎ᠡ ᠲᠥᠷᠦ ᠲᠡᠢ ᠪᠡᠶᠡᠯᠡᢉᠦᠯᠦᢉᠰᠡᠨ ᠡᠩᠬᠡ ᠶ᠋ᠢ ᠰᠠᠬᠢᠭᠤᠯᠤᠭᠴᠢᠳ ᠲᠤ ᠪᠠᠶᠠᠷ ᠬᠦᠷᠬᠡᠪᠡ᠃

ᠮᠥᠨ ᠡᢉᠦᠷᠭᠡ ᠪᠡᠨ ᠰᠡᠳᠬᠢᠯ ᠬᠣᠶᠠᠷᠳᠠᠯ ᠦᢉᠡᠢ ᢉᠦᠢᠢᠴᠡᠳᠬᠡᠬᠦ ᠪᠣᠯᠤᠮᠵᠢ ᠪᠦᠷᠢᠳᠦᢉᠦᠯᠦᠨ᠂ ᠪᠠᠲᠤ ᠪᠡᠬᠢ ᠠᠷᠤ ᠲᠠᠯ᠎ᠠ ᠨᠢ ᠪᠠᠢᠢᠵᠤ᠂ ᠦᠷ᠎ᠡ ᠬᠡᠦᠬᠡᠳ ᠎ ᠢᠢᠡᠨ ᠥᠰᠬᠡᠨ ᠬᠦᠮᠦᠵᠢᢉᠦᠯᠬᠦ᠂ ᠡᠷᠦᠬᠡ ᢉᠡᠷ  ᠢᠢᠡᠨ ᠠᠪᠴᠤ ᠶᠠᠪᠤᠬᠤ ᠠᠴᠢᠶᠠᠨ ᠤ᠋ ᠬᠦᠨᠳᠦ ᠶ᠋ᠢ ᠡᢉᠦᠷᠳᠡᠭ ᢉᠡᠷ ᠪᠦᠯᠢ ᠳ᠋ᠦ ᠨᠢ ᠲᠠᠯᠠᠷᠬᠠᠯ ᠢᠯᠡᠷᠬᠡᠢᠢᠯᠡᠪᠡ᠃

ᠮᠣᠩ᠋ᠭᠣᠯ ᠤᠯᠤᠰ  ᠤᠨ ᠵᠡᠪᠰᠡᢉᠲᠦ ᠬᠦᠴᠦᠨ  ᠤ ᠴᠡᠷᠢᠭ  ᠤᠨ ᠪᠠᠭ᠂ ᠠᠯᠪᠠ ᠬᠠᠭᠠᠭᠴᠢᠳ ᠒᠐᠑᠒ ᠣᠨ ᠠ᠋ᠴᠠ ᠪᠦᢉᠦᠳᠡ ᠨᠠᠢᠢᠷᠠᠮᠳᠠᠬᠤ ᠡᠮᠦᠨᠡᠳᠦ ᠰᠦᠳ᠋ᠠᠨ ᠤᠯᠤᠰ ᠲᠤ ᠡᠩᠬᠡ ᠶ᠋ᠢ ᠰᠠᠬᠢᠭᠤᠯᠬᠤ ᠠᠵᠢᠯᠯᠠᠭᠠᠨ ᠳ᠋ᠤ ᠣᠷᠤᠯᠴᠠᠵᠤ ᠡᠬᠢᠯᠡᢉᠰᠡᠨ ᠪᠥᢉᠡᠳ ᠑᠑ ᠡᢉᠡᠯᠵᠢ ᠶ᠋ᠢᠨ ᠪᠠᠭ ᠲᠤ ᠙᠂᠕᠐᠐ ᠭᠠᠷᠤᠢ ᠡᠩᠬᠡ ᠶ᠋ᠢ ᠰᠠᠬᠢᠭᠤᠯᠤᠭᠴᠢ ᠡᢉᠦᠷᠭᠡ ᢉᠦᠢᠢᠴᠡᠳᠬᠡᢉᠰᠡᠨ ᠶᠤᠮ᠎᠃ ᠡᠳᠦᠭᠡ ᠑᠒ ᠳ᠋ᠠᠬᠢ ᠡᢉᠡᠯᠵᠢ ᠶ᠋ᠢᠨ ᠪᠡᠶ᠎ᠡ ᠪᠦᠷᠢᠯᠳᠦᠬᠦᠨ ᠲᠤᠰ ᠤᠯᠤᠰ ᠲᠤ ᠡᢉᠦᠷᠭᠡ ᢉᠦᠢᠢᠴᠡᠳᠬᠡᠵᠦ ᠪᠠᠢᠢᠨ᠎ᠠ᠃