Та "Internet explorer"-ийн сүүлийн хувилбар болох "Microsoft edge"-г ашиглана уу

Хэрэв "Microsoft edge"-г татах бол энд дарж татаж авна уу

ᠠᠭᠤᠯᠠ ᠠᠭᠤᠷᠬᠠᠢ ᠶ᠋ᠢᠨ ᠰᠠᠯᠪᠤᠷᠢ ᠶ᠋ᠢᠨ ᠑᠐᠐ ᠵᠢᠯ ᠦ᠋ᠨ ᠣᠢ ᠶ᠋ᠢ ᠲᠣᠬᠢᠶᠠᠯᠳᠤᠭᠤᠯᠤᠨ ᠲᠥᠷᠦ ᠶ᠋ᠢᠨ ᠳᠡᠭᠡᠳᠦ ᠴᠣᠯᠠ᠂ ᠣᠳᠤᠨ᠂ ᠮᠧᠳ᠋ᠠᠯ ᠭᠠᠷᠳᠠᠭᠤᠯᠪᠠ

ᠠᠭᠤᠯᠠ ᠠᠭᠤᠷᠬᠠᠢ ᠶ᠋ᠢᠨ ᠰᠠᠯᠪᠤᠷᠢ ᠶ᠋ᠢᠨ ᠑᠐᠐ ᠵᠢᠯ ᠦ᠋ᠨ ᠣᠢ ᠶ᠋ᠢ ᠲᠣᠬᠢᠶᠠᠯᠳᠤᠭᠤᠯᠤᠨ ᠮᠣᠩ᠋ᠭᠣᠯ ᠤᠯᠤᠰ  ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠵᠠᠷᠯᠢᠭ ᠭᠠᠷᠭᠠᠵᠤ᠂ ᠡᠷᠬᠢᠯᠡᢉᠰᠡᠨ ᠠᠵᠢᠯ᠂ ᠰᠠᠯᠪᠤᠷᠢ ᠳᠤ ᠪᠠᠨ ᠥᠨᠳᠦᠷ ᠠᠮᠵᠢᠯᠲᠠ ᠭᠠᠷᠭᠠᠨ᠂ ᠡᠬᠡ ᠣᠷᠤᠨ  ᠢᠢᠠᠨ ᠬᠥᢉᠵᠢᢉᠦᠯᠬᠦ ᠦᠢᠯᠡ ᠬᠡᠷᠡᠭ ᠲᠦ ᠦᠨ᠎ᠡ ᠲᠡᠢ ᠬᠤᠪᠢ ᠨᠡᠮᠡᠷᠢ ᠣᠷᠤᠭᠤᠯᠤᠭᠰᠠᠨ ᠨᠡᠷ᠎ᠡ ᠪᠦᠬᠦᠢ ᠬᠦᠮᠦᠰ ᠲᠦ ᠲᠥᠷᠦ ᠶ᠋ᠢᠨ ᠳᠡᠭᠡᠳᠦ ᠴᠣᠯᠠ᠂ ᠣᠳᠤᠨ᠂ ᠮᠧᠳ᠋ᠠᠯ ᠭᠠᠷᠳᠠᠭᠤᠯᠤᠯ᠎ᠠ᠃

ᠬᠥᠳᠡᠯᠮᠦᠷᠢ ᠶ᠋ᠢᠨ ᠪᠠᠭᠠᠲᠤᠷ ᠴᠣᠯᠠ ᠶ᠋ᠢ:
ᠡᠷᠦᠳᠡᠰᠦ ᠪᠠᠶᠠᠯᠢᠭ  ᠤᠨ ᠰᠠᠯᠪᠤᠷᠢ ᠶ᠋ᠢᠨ ᠬᠥᢉᠵᠢᠯ᠂ ᠣᠯᠠᠨ ᠤᠯᠤᠰ  ᠤᠨ ᠬᠥᠷᠦᠩᠭᠡ ᠣᠷᠤᠭᠤᠯᠤᠯᠲᠠ ᠶ᠋ᠢ ᠨᠡᠮᠡᢉᠳᠡᢉᠦᠯᠬᠦ ᠳ᠋ᠦ ᠢᠳᠡᠪᠬᠢ ᠰᠠᠨᠠᠭᠠᠴᠢᠯᠭ᠎ᠠ ᠲᠠᠢ ᠠᠵᠢᠯᠯᠠᠨ᠂ ᢉᠧᠣᠯᠣᢉᠢ᠂ ᠠᠭᠤᠯᠠ ᠠᠭᠤᠷᠬᠠᠢ ᠶ᠋ᠢᠨ ᠰᠠᠯᠪᠤᠷᠢ ᠶ᠋ᠢ ᠬᠥᢉᠵᠢᢉᠦᠯᠬᠦ ᠴᠢᢉᠯᠡᠯ ᠎ ᠢᠢᠡᠷ ᠣᠯᠠᠨ ᠠᠷᠪᠠᠨ ᠨᠣᠮ᠂ ᠲᠣᠪᠬᠢᠮᠠᠯ ᠲᠤᠭᠤᠷᠪᠢᠨ᠂ ᠢᠯᠡᠳᠬᠡᠯ᠂ ᠥᢉᠦᠯᠡᠯ ᠬᠡᠪᠯᠡᢉᠦᠯᠵᠦ᠂ ᠰᠠᠯᠪᠤᠷᠢ ᠶ᠋ᠢᠨ ᠮᠡᠷᠭᠡᠵᠢᠯ ᠲᠡᠢ ᠪᠣᠯᠪᠠᠰᠤᠨ ᠬᠦᠴᠦᠨ ᠢ᠋ ᠪᠡᠯᠡᠳᠬᠡᠬᠦ ᠳ᠋ᠦ ᠮᠡᠳᠡᠯᠭᠡ ᠴᠢᠳᠠᠪᠤᠷᠢ ᠪᠠᠨ ᠳᠠᠢᠢᠴᠢᠯᠠᠵᠤ᠂ ᠮᠣᠩ᠋ᠭᠣᠯ ᠤᠯᠤᠰ  ᠤᠨ ᠠᠭᠤᠯᠠ ᠠᠭᠤᠷᠬᠠᠢ ᠶ᠋ᠢᠨ ᠰᠠᠯᠪᠤᠷᠢ ᠶ᠋ᠢᠨ ᠬᠥᢉᠵᠢᠯ ᠳ᠋ᠦ ᠣᠷᠤᠭᠤᠯᠤᠭᠰᠠᠨ ᠵᠢᠩ ᠲᠡᠢ ᠬᠤᠪᠢ ᠨᠡᠮᠡᠷᠢ ᠶ᠋ᠢ ᠨᠢ ᠦᠨᠡᠯᠡᠨ ᢉᠧᠣᠯᠤᢉᠢ᠂ ᠠᠭᠤᠯᠠ ᠠᠭᠤᠷᠬᠠᠢ ᠶ᠋ᠢᠨ ᠶᠠᠮᠤᠨ ᠤ᠋ ᠣᠷᠤᠯᠠᠭᠴᠢ ᠰᠠᠢᠢᠳ ᠠᠰᠠᠨ᠂ ᠮᠣᠩ᠋ᠭᠤᠯ ᠤᠯᠤᠰ  ᠤᠨ ᠠᠵᠤ ᠦᠢᠯᠡᠳᠪᠦᠷᠢ ᠶ᠋ᠢᠨ ᠭᠠᠪᠢᠶᠠᠲᠤ ᠠᠵᠢᠯᠲᠠᠨ ᠳᠤᠭᠠᠷ  ᠤᠨ ᠷᠢᠨᠴᠢᠩᠬᠠᠩᠳᠤ᠂
ᠠᠭᠤᠯᠠ ᠠᠭᠤᠷᠬᠠᠢ ᠶ᠋ᠢᠨ ᠦᠢᠯᠡᠳᠪᠦᠷᠢᠯᠡᠯ ᠢ᠋ ᠬᠥᢉᠵᠢᢉᠦᠯᠬᠦ᠂ ᠴᠢᠳᠠᠪᠤᠷᠢᠯᠢᠭ ᠮᠡᠷᠭᠡᠵᠢᠯ ᠦ᠋ᠨ ᠪᠣᠯᠪᠠᠰᠤᠨ ᠬᠦᠴᠦᠨ ᠢ᠋ ᠪᠡᠯᠡᠳᠬᠡᠬᠦ ᠠᠵᠢᠯ ᠳ᠋ᠤ ᠮᠡᠳᠡᠯᠭᠡ ᠴᠢᠳᠠᠪᠤᠷᠢ ᠪᠠᠨ ᠳᠠᠢᠢᠴᠢᠯᠠᠵᠤ᠂ ᠡᠬᠡ ᠣᠷᠤᠨ ᠳ᠋ᠤ ᠪᠠᠨ ᠮᠠᠷᠻᠱᠧᠢᠢᠳᠧᠷ ᠢᠨᠵᠧᠨᠧᠷ ᠪᠡᠯᠡᠳᠬᠡᠬᠦ ᠠᠵᠢᠯ  ᠤᠨ ᠦᠨᠳᠦᠰᠦ ᠰᠠᠭᠤᠷᠢ ᠶ᠋ᠢ ᠲᠠᠯᠪᠢᠵᠤ᠂ ᠣᠯᠠᠨ ᠤᠯᠤᠰ  ᠤᠨ ᠵᠢᠱᠢᠭ ᠲᠦ ᠨᠡᠢᠢᠴᠡᢉᠦᠯᠦᠨ ᠬᠥᢉᠵᠢᢉᠦᠯᠵᠦ᠂ ᠣᠯᠠᠨ ᠠᠷᠪᠠᠨ ᠨᠣᠮ᠂ ᠰᠤᠷᠬᠤ ᠪᠢᠴᠢᠭ᠌᠂ ᠭᠠᠷ  ᠤᠨ ᠠᠪᠤᠯᠭ᠎ᠠ᠂ ᠡᠷᠳᠡᠮ ᠰᠢᠨᠵᠢᠯᠡᠭᠡᠨ ᠤ ᠨᠢᠭᠡ ᠰᠡᠳᠦᠪᠲᠦ ᠪᠣᠯᠤᠨ ᠬᠠᠮᠲᠤᠷᠠᠭᠰᠠᠨ ᠪᠦᠲᠦᠭᠡᠯ ᠦ᠋ᠳ ᠲᠤᠭᠤᠷᠪᠢᠵᠤ᠂ ᠦᠢᠯᠡᠳᠪᠦᠷᠢᠯᠡᠯ ᠳ᠋ᠦ ᠨᠡᠪᠲᠡᠷᠡᢉᠦᠯᠦᢉᠰᠡᠨ ᠲᠦᠯᠡᠰᠢ᠂ ᠡᠷᠴᠢᠮ ᠬᠦᠴᠦᠨ ᠤ ᠳᠡᠳ᠋ ᠰᠠᠢᠢᠳ ᠠᠰᠠᠨ᠂ ᠮᠣᠩ᠋ᠭᠤᠯ ᠤᠯᠤᠰ  ᠤᠨ ᠠᠵᠤ ᠦᠢᠢᠯᠡᠳᠪᠦᠷᠢ ᠶ᠋ᠢᠨ ᠭᠠᠪᠢᠶᠠᠲᠤ ᠠᠵᠢᠯᠲᠠᠨ ᠳᠣᠷᠵᠢ ᠶ᠋ᠢᠨ ᠳᠣᠨᠳᠤᠪ ᠨᠠᠷ ᠲᠤ ᠬᠦᠷᠲᠡᠭᠡᠪᠡ᠃

ᠠᠵᠤ ᠦᠢᠯᠡᠳᠪᠦᠷᠢ ᠶ᠋ᠢᠨ ᠭᠠᠪᠢᠶᠠᠲᠤ ᠠᠵᠢᠯᠲᠠᠨ ᠴᠣᠯᠠ ᠶ᠋ᠢ:
ᠠᠭᠤᠯᠠ ᠠᠭᠤᠷᠬᠠᠢ ᠶ᠋ᠢᠨ ᠰᠠᠯᠪᠤᠷᠢ ᠶ᠋ᠢᠨ ᠠᠬᠠᠮᠠᠳ ᠠᠵᠢᠯᠲᠠᠨ᠂ ᠵᠥᠪᠯᠡᠬᠦ ᠢᠨᠵᠧᠨᠧᠷ ᠲᠦᠨᠳᠦᠪ ᠦ᠋ᠨ ᠴᠡᠩᠳᠦ᠂
“ᠡᠷᠳᠡᠨᠢ ᠳ᠋ᠷᠢᠯᠢᠩ” ᠬᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠶ᠋ᠢᠨ ᠵᠥᠪᠯᠡᠬᠦ ᠤᠷᠲᠤᠨᠠᠰᠤᠨ ᠤ᠋ ᠪᠣᠷᠤᠴᠢᠯᠠᠭᠤᠨ᠂
“ᠡᠷᠳᠡᠨᠢᠲᠦ ᠦᠢᠯᠡᠳᠪᠦᠷᠢ” ᠲᠥᠷᠦ ᠶ᠋ᠢᠨ ᠥᠮᠴᠢᠲᠦ ᠦᠢᠯᠡᠳᠪᠦᠷᠢ ᠶ᠋ᠢᠨ ᠭᠠᠵᠠᠷ  ᠤᠨ ᠠᠭᠤᠯᠠ ᠶ᠋ᠢᠨ ᠢᠨ᠋ᠵᠧᠨᠧᠷ ᠪᠠᠶᠠᠵᠢᠭᠤᠯᠤᠭᠴᠢ ᠰᠢᠷᠠᠪ  ᠤᠨ ᠭᠡᠵᠢᠭᠡᠳ᠋ᠦ᠂
“ᠡᠷᠳᠡᠨᠢᠲᠦ ᠦᠢᠯᠡᠳᠪᠦᠷᠢ” ᠲᠥᠷᠦ ᠶ᠋ᠢᠨ ᠥᠮᠴᠢᠲᠦ ᠦᠢᠯᠡᠳᠪᠦᠷᠢ ᠶ᠋ᠢᠨ ᠭᠠᠵᠠᠷ  ᠤᠨ ᠪᠠᠶᠠᠵᠢᠭᠤᠯᠬᠤ ᠦᠢᠯᠡᠳᠪᠦᠷᠢ ᠶ᠋ᠢᠨ ᠪᠤᠲᠠᠯᠬᠤ᠂ ᠲᠡᠭᠡᠭᠡᠪᠦᠷᠢᠯᠡᠬᠦ ᠬᠡᠰᠡᠭ  ᠤᠨ ᠳᠠᠷᠤᠭ᠎ᠠ ᠯᠤᠪᠰᠠᠩᠳᠠᠭᠪᠠ ᠶ᠋ᠢᠨ ᠪᠠᠶᠠᠷ ᠠ᠂
ᠭᠠᠪᠢᠶᠠᠲᠤ ᠠᠭᠤᠷᠬᠠᠢᠢᠴᠢᠨ ᠴᠣᠯᠠ ᠶ᠋ᠢ:
“ᠪᠠᠵᠠ” ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠶ᠋ᠢᠨ ᠡᢉᠦᠰᠬᠡᠨ ᠪᠠᠢᠢᠭᠤᠯᠤᠭᠴᠢ᠂ ᠤᠳᠤᠷᠢᠳᠬᠤ ᠵᠥᠪᠯᠡᠯ ᠦ᠋ᠨ ᠳᠠᠷᠤᠭ᠎ᠠ ᠨᠣᠷᠵᠢᠮ᠎ᠠ ᠶ᠋ᠢᠨ ᠪᠠᠲᠤ᠂
“ᠡᠨᠧᠷᠵᠢ ᠷᠧᠰᠦ᠋ᠷᠰ” ᠬᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠶ᠋ᠢᠨ ᠦᠢᠯᠡ ᠠᠵᠢᠯᠯᠠᠭ᠎ᠠ ᠬᠠᠷᠢᠭᠤᠴᠠᠭᠰᠠᠨ ᠳᠡᠳ᠋ ᠶᠡᠷᠦᠩᠬᠡᠢᠢᠯᠡᢉᠴᠢ ᠴᠣᠭ ᠶ᠋ᠢᠨ ᠪᠠᠰᠠᠩᠳᠣᠷᠵᠢ᠂
ᠠᠭᠤᠯᠠ ᠠᠭᠤᠷᠬᠠᠢ᠂ ᠬᠦᠨᠳᠦ ᠦᠢᠯᠡᠳᠪᠦᠷᠢ ᠶ᠋ᠢᠨ ᠶᠠᠮᠤᠨ ᠤ᠋ ᠲᠡᠰᠦᠷᠡᠬᠦ ᠪᠣᠳᠠᠰ᠂ ᠲᠡᠰᠦᠯᠦᠭᠡᠨ ᠤ ᠬᠡᠷᠡᢉᠰᠡᠯ ᠦ᠋ᠨ ᠠᠰᠠᠭᠤᠳᠠᠯ  ᠢᠢᠠᠷ ᠰᠠᠨᠠᠯ ᠳ᠋ᠦᠩᠨᠡᠯᠲᠡ ᠭᠠᠷᠭᠠᠬᠤ ᠡᢉᠦᠷᠭᠡ ᠪᠦᠬᠦᠢ ᠮᠡᠷᠭᠡᠵᠢᠯ ᠦ᠋ᠨ ᠵᠥᠪᠯᠡᠯ ᠦ᠋ᠨ ᠭᠡᠰᠢᢉᠦᠨ ᠯᠤᠪᠰᠠᠩᠳᠠᠭᠪᠠ ᠶ᠋ᠢᠨ ᠳᠠᠸᠠᠴᠡᠳᠦᠪ᠂
“ᠬᠦᠳᠡᠷ ᠡᠷᠳᠡᠨᠢ” ᠬᠢᠵᠠᠭᠠᠷᠯᠠᠭᠳᠠᠮᠠᠯ ᠬᠠᠷᠢᠭᠤᠴᠠᠯᠭᠠᠲᠠᠢ ᠻᠣᠮᠫᠠᠨᠢ ᠶ᠋ᠢᠨ ᠠᠭᠤᠯᠠ ᠠᠭᠤᠷᠬᠠᠢ ᠶ᠋ᠢᠨ ᠵᠥᠪᠯᠡᠬᠦ ᠴᠦᠯᠲᠢᠮᠵᠠᠮᠴᠠ ᠶ᠋ᠢᠨ ᠡᠩᠬᠡᠪᠠᠶᠠᠷ᠂
“ᠮᠣᠩ᠋ᠭᠤᠯ  ᠤᠨ ᠠᠯᠲᠠ” ᠬᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠶ᠋ᠢᠨ ᠡᠻᠰᠻᠤᠸᠠᠲ᠋ᠤᠷ  ᠤᠨ ᠣᠫᠧᠷᠠᠲ᠋ᠤᠷ ᠬᠡᠦᠬᠡᠨᠡᢉ  ᠢᠢᠨ ᠭᠠᠩᠲᠡᠮᠦᠷ᠂ ᠠᠭᠤᠯᠠ ᠠᠭᠤᠷᠬᠠᠢ ᠶ᠋ᠢᠨ ᠰᠠᠯᠪᠤᠷᠢ ᠶ᠋ᠢᠨ ᠠᠬᠠᠮᠠᠳ ᠨᠠᠰᠤᠲᠠᠨ ᠳᠠᠯᠠᠢ ᠶ᠋ᠢᠨ ᠫᠦᠷᠪᠦ᠂
“ᠮᠣᠩ᠋ᠭᠣᠯᠪᠣᠯᠭᠠᠷᢉᠧᠣ᠋” ᠬᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠶ᠋ᠢᠨ ᠠᠭᠤᠯᠠ ᠠᠭᠤᠷᠬᠠᠢ ᠶ᠋ᠢᠨ ᠠᠰᠢᠭᠯᠠᠯᠲᠠ ᠶ᠋ᠢᠨ ᠢᠨᠵᠧᠨᠧᠷ ᠬᠠᠯᠵᠠᠨ ᠤ᠋ ᠫᠦᠷᠪᠦᠨᠠᠴᠣᠭ᠂
“ᠪᠠᠭᠠᠨᠠᠭᠤᠷ” ᠬᠤᠪᠢᠴᠠᠭᠠᠲᠤ ᠻᠣᠮᠫᠠᠨᠢ ᠶ᠋ᠢᠨ ᠠᠭᠤᠯᠠ ᠠᠭᠤᠷᠬᠠᠢ ᠶ᠋ᠢᠨ ᠠᠰᠢᠭᠯᠠᠯᠲᠠ ᠶ᠋ᠢᠨ ᠢᠨ᠋ᠵᠧᠨᠧᠷ ᠠᠰᠠᠨ ᠴᠡᠪᠡᠭᠡ ᠶ᠋ᠢᠨ ᠴᠡᠸᠡᠩᠪᠠᠯᠵᠣᠷ᠂
“ᠡᠷᠳᠡᠨᠢᠲᠦ ᠦᠢᠯᠡᠳᠪᠦᠷᠢ” ᠲᠥᠷᠦ ᠶ᠋ᠢᠨ ᠥᠮᠴᠢᠲᠦ ᠦᠢᠯᠡᠳᠪᠦᠷᠢ ᠶ᠋ᠢᠨ ᠭᠠᠵᠠᠷ  ᠤᠨ ᠠᠬᠠᠮᠠᠳ ᠠᠵᠢᠯᠲᠠᠨ ᠨᠠᠢᠢᠳᠠᠨ ᠤ᠋ ᠴᠢᠯᠠᠭᠤᠨᠭᠡᠷᠡᠯ᠂
ᠠᠭᠤᠯᠠ ᠠᠭᠤᠷᠬᠠᠢ᠂ ᠬᠦᠨᠳᠦ ᠦᠢᠯᠡᠳᠪᠦᠷᠢ ᠶ᠋ᠢᠨ ᠶᠠᠮᠤᠨ ᠤ᠋ ᠠᠭᠤᠯᠠ ᠠᠭᠤᠷᠬᠠᠢ ᠶ᠋ᠢᠨ ᠪᠣᠳᠤᠯᠭ᠎ᠠ ᠶ᠋ᠢᠨ ᠭᠠᠵᠠᠷ  ᠤᠨ ᠲᠧᠻᠨᠢᠭ᠂ ᠲᠧᠻᠨᠤᠯᠤᢉᠢ ᠶ᠋ᠢᠨ ᠬᠡᠯᠲᠡᠰ ᠦ᠋ᠨ ᠳᠠᠷᠤᠭ᠎ᠠ ᠴᠣᠢᠢᠵᠦᠩᠵᠠᠪᠠ ᠶ᠋ᠢᠨ ᠴᠣᠭᠲᠤᠪᠠᠭᠠᠲᠤᠷ᠂

ᠰᠢᠨᠵᠢᠯᠡᠬᠦ ᠤᠬᠠᠭᠠᠨ ᠤ᠋ ᠭᠠᠪᠢᠶᠠᠲᠤ ᠵᠢᠳᠬᠦᠯᠲᠡᠨ ᠴᠣᠯᠠ ᠶ᠋ᠢ:
ᠰᠢᠨᠵᠢᠯᠡᠬᠦ ᠤᠬᠠᠭᠠᠨ᠂ ᠲᠧᠻᠨᠣᠯᠣᢉᠢ ᠶ᠋ᠢᠨ ᠶᠡᠬᠡ ᠰᠤᠷᠭᠠᠭᠤᠯᠢ ᠶ᠋ᠢᠨ ᢉᠧᠣᠯᠣᢉᠢ᠂ ᠠᠭᠤᠯᠠ ᠠᠭᠤᠷᠬᠠᠢ ᠶ᠋ᠢᠨ ᠰᠤᠷᠭᠠᠭᠤᠯᠢ ᠶ᠋ᠢᠨ ᠫᠷᠤᠹᠧᠰᠰᠤᠷ᠂ ᠵᠥᠪᠯᠡᠬᠦ ᢉᠧᠣᠯᠤᢉᠢᠴᠢ ᠰᠡᠷᠡᠢᠢᠨᠣᠩ  ᠤᠨ ᠵᠢᠷᠭᠠᠯᠠᠩ᠂
ᠭᠠᠪᠢᠶᠠᠲᠤ ᠪᠠᠭᠰᠢ ᠴᠣᠯᠠ ᠶ᠋ᠢ:
ᠰᠢᠨᠵᠢᠯᠡᠬᠦ ᠤᠬᠠᠭᠠᠨ᠂ ᠲᠧᠻᠨᠣᠯᠣᢉᠢ ᠶ᠋ᠢᠨ ᠶᠡᠬᠡ ᠰᠤᠷᠭᠠᠭᠤᠯᠢ ᠶ᠋ᠢᠨ᠂ ᢉᠧᠣᠯᠣᢉᠢ᠂ ᠠᠭᠤᠯᠠ ᠠᠭᠤᠷᠬᠠᠢ ᠶ᠋ᠢᠨ ᠰᠤᠷᠭᠠᠭᠤᠯᠢ ᠶ᠋ᠢᠨ ᠵᠥᠪᠯᠡᠬᠦ ᠫᠷᠤᠹᠧᠰᠰᠤᠷ ᠠᠷᠢᠶ᠎ᠠ ᠶ᠋ᠢᠨ ᠬᠠᠢᠢᠳᠠᠪ ᠨᠠᠷ ᠲᠤ ᠬᠦᠷᠲᠡᠭᠡᠯ ᠡ᠃
ᠰᠦᠬᠡᠪᠠᠭᠠᠲᠤᠷ  ᠤᠨ ᠣᠳᠤᠨ  ᠢᠢᠠᠷ:
ᠮᠣᠩ᠋ᠭᠣᠯ ᠤᠯᠤᠰ  ᠤᠨ ᠵᠥᠪᠯᠡᠬᠦ ᠢᠨ᠋ᠵᠧᠨᠧᠷ᠂ ᠭᠠᠪᠢᠶᠠᠲᠤ ᠠᠭᠤᠷᠬᠠᠢᠢᠴᠢᠨ ᠳᠠᠸᠠᠰᠦ᠋ᠷᠦᠩ ᠦ᠋ᠨ ᠳᠠᠮᠪᠠᠳᠡᠯᠡᠵᠡᠢ᠂
ᠨᠡᠢᠢᠰᠯᠡᠯ ᠦ᠋ᠨ ᠰᠦᠬᠡᠪᠠᠭᠠᠲᠤᠷ ᠳᠡᢉᠦᠷᠭᠡ ᠶ᠋ᠢᠨ ᠑᠑ ᠳ᠋ᠦᠭᠡᠷ ᠬᠣᠷᠢᠶᠠᠨ ᠤ᠋ ᠥᠨᠳᠦᠷ ᠨᠠᠰᠤᠲᠠᠨ ᠴᠣᠭᠲᠤ ᠶ᠋ᠢᠨ ᠬᠦᠷᠡᠯᠰᠤᠢᠬᠡ ᠨᠠᠷ  ᠢ ᠱᠠᠩᠨᠠᠯ ᠠ᠃
ᠮᠣᠩ᠋ᠭᠣᠯ ᠤᠯᠤᠰ  ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠱᠠᠩᠨᠠᠯ ᠭᠠᠷᠳᠠᠭᠤᠯᠤᠭᠰᠠᠨ ᠤ᠋ ᠪᠠᠨ ᠳᠠᠷᠠᠭ᠎ᠠ᠂ ᠮᠣᠩ᠋ᠭᠣᠯ ᠤᠯᠤᠰ  ᠤᠨ ᠡᠳ᠋  ᠤᠨ ᠵᠠᠰᠠᠭ  ᠤᠨ ᠰᠠᠭᠤᠷᠢ᠂ ᠬᠥᢉᠵᠢᠯ ᠦ᠋ᠨ ᠦᠨᠳᠦᠰᠦ ᠪᠣᠯᠤᠭᠰᠠᠨ ᠠᠭᠤᠯᠠ ᠠᠭᠤᠷᠬᠠᠢ ᠶ᠋ᠢᠨ ᠰᠠᠯᠪᠤᠷᠢ ᠶ᠋ᠢᠨ ᠲᠡᠦᠬᠡᠲᠦ ᠑᠐᠐ ᠵᠢᠯ ᠦ᠋ᠨ ᠣᠢ ᠶ᠋ᠢᠨ ᠪᠠᠶᠠᠷ  ᠤᠨ ᠮᠡᠨᠳᠦ ᠶ᠋ᠢ ᠦᠶ᠎ᠡ ᠦᠶ᠎ᠡ ᠶ᠋ᠢᠨ ᠠᠭᠤᠷᠬᠠᠢᠢᠴᠢᠳ᠂ ᠰᠠᠯᠪᠤᠷᠢ ᠶ᠋ᠢᠨ ᠨᠡᠢᠢᠲᠡ ᠬᠠᠮᠲᠤ ᠣᠯᠠᠨ᠂ ᠡᠷᠳᠡᠮᠲᠡᠨ ᠰᠤᠳᠤᠯᠤᠭᠠᠴᠢᠳ ᠲᠤ ᠳᠡᠪᠰᠢᢉᠦᠯᠪᠡ᠃

ᢉᠧᠣᠯᠣᢉᠢ᠂ ᠠᠭᠤᠯᠠ ᠠᠭᠤᠷᠬᠠᠢ ᠶ᠋ᠢᠨ ᠰᠠᠯᠪᠤᠷᠢ ᠨᠢ ᠡᠳᠦᠭᠡ ᠣᠷᠴᠢᠨ ᠦᠶ᠎ᠡ ᠶ᠋ᠢᠨ ᠲᠧᠻᠨᠢᠭ᠂ ᠲᠧᠻᠨᠣᠯᠣᢉᠢ᠂  ᠢᠨᠨᠣᠸᠠᠼ ᠢ᠋ ᠨᠡᠪᠲᠡᠷᠡᢉᠦᠯᠦᢉᠰᠡᠨ᠂ ᠮᠢᠩ᠋ᠭ᠎ᠠ ᠮᠢᠩ᠋ᠭᠠᠨ ᠮᠡᠷᠭᠡᠵᠢᠯ ᠲᠡᠢ ᠪᠣᠯᠪᠠᠰᠤᠨ ᠬᠦᠴᠦᠨᠲᠡᠢ᠂ ᠣᠯᠠᠨ ᠤᠯᠤᠰ ᠲᠤ ᠥᠷᠢᠰᠦᠯᠳᠦᠬᠦ ᠴᠢᠳᠠᠪᠤᠷᠢ ᠪᠦᠬᠦᠢ ᠮᠣᠩ᠋ᠭᠣᠯ ᠤᠯᠤᠰ  ᠤᠨ ᠡᠳ᠋  ᠤᠨ ᠵᠠᠰᠠᠭ  ᠤᠨ ᠲᠡᠷᠢᢉᠦᠯᠡᠬᠦ ᠰᠠᠯᠪᠤᠷᠢ ᠪᠣᠯᠤᠨ ᠥᠷᠭᠡᠵᠢᠨ ᠬᠥᢉᠵᠢᠵᠦ ᠪᠠᠢᠢᠭ᠎ᠠ ᠶ᠋ᠢ ᠣᠨᠴᠠᠯᠠᠯ᠎ᠠ᠃

ᠲᠥᠷᠦ ᠶ᠋ᠢᠨ ᠳᠡᠭᠡᠳᠦ ᠱᠠᠩᠨᠠᠯ ᠬᠦᠷᠲᠡᢉᠰᠡᠨ ᠬᠦᠮᠦᠰ ᠲᠦ ᠬᠠᠯᠠᠭᠤᠨ ᠪᠠᠶᠠᠷ ᠬᠦᠷᠭᠡᠵᠦ᠂ ᠭᠡᠷ ᠪᠦᠯᠢ᠂ ᠦᠷ᠎ᠡ ᠬᠡᠦᠬᠡᠳ ᠦ᠋ᠳ᠂ ᠬᠥᠳᠡᠯᠮᠦᠷᠢ ᠶ᠋ᠢᠨ ᠬᠠᠮᠲᠤ ᠣᠯᠠᠨ ᠳ᠋ᠤ ᠰᠠᠢᠢᠨ ᠰᠠᠢᠢᠬᠠᠨ ᠪᠦᠬᠦᠨ ᠢ᠋ ᠬᠦᠰᠡᠨ ᠢᠷᠦᠭᠡᠪᠡ᠃