Та "Internet explorer"-ийн сүүлийн хувилбар болох "Microsoft edge"-г ашиглана уу

Хэрэв "Microsoft edge"-г татах бол энд дарж татаж авна уу

“ᠮᠠᠯᠴᠢᠨ ᠡᠮᠡᢉᠲᠡᠢᠢᠴᠥᠥᠳ ᠮᠠᠩᠯᠠᠢᠢᠯᠠᠯ” ᠵᠥᠪᠯᠡᠭᠡᠨ ᠤ ᠣᠷᠤᠯᠴᠠᠭᠴᠢᠳ ᠲᠤ ᠮᠡᠨᠳᠦᠴᠢᠯᠡᠭᠡ ᠳᠡᠪᠰᠢᠭᠥᠯᠪᠡ

ᠮᠣᠩ᠋ᠭᠣᠯ ᠤᠯᠤᠰ  ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠥᠨᠦᠳᠦᠷ ᠲᠥᠷᠦ ᠶ᠋ᠢᠨ ᠣᠷᠳᠤᠨ ᠳ᠋ᠤ ᠵᠣᠬᠢᠶᠠᠨ ᠪᠠᠢᠢᠭᠤᠯᠤᠭᠳᠠᠵᠤ ᠪᠤᠢ “ᠮᠠᠯᠴᠢᠨ ᠡᠮᠡᢉᠲᠡᠢᠢᠴᠥᠥᠳ ᠮᠠᠩᠯᠠᠢᠢᠯᠠᠯ” ᠵᠥᠪᠯᠡᠭᠡᠨ ᠤ ᠣᠷᠤᠯᠴᠠᠭᠴᠢᠳ ᠲᠤ ᠮᠡᠨᠳᠦᠴᠢᠯᠡᠭᠡ ᠳᠡᠪᠰᠢᢉᠦᠯᠦᠯ᠎ᠡ᠃

ᠮᠣᠩ᠋ᠭᠣᠯ ᠤᠯᠤᠰ  ᠤᠨ ᠶᠡᠷᠦᠩᠬᠡᠢᠢᠯᠡᢉᠴᠢ ᠶ᠋ᠢᠨ ᠮᠡᠨᠳᠦᠴᠢᠯᠡᠭᠡ ᠶ᠋ᠢ ᠶᠡᠷᠦᠩᠬᠡᠢᠢᠯᠡᢉᠴᠢ ᠶ᠋ᠢᠨ ᠲᠠᠮᠠᠭ᠎ᠠ ᠶ᠋ᠢᠨ ᠭᠠᠵᠠᠷ  ᠤᠨ ᠳᠠᠷᠤᠭ᠎ᠠ ᠶᠠ‍᠃ ᠰᠣᠳᠤᠪᠠᠭᠠᠲᠤᠷ ᠤᠩᠰᠢᠵᠤ ᠰᠣᠨᠤᠷᠳᠠᠭᠤᠯᠪᠠ᠃

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠶ᠋ᠢᠨ ᠮᠡᠨᠳᠦᠴᠢᠯᠡᠭᠡᠨ ᠳ᠋ᠦ:
“ᠪᠤᠶᠠᠨᠲᠤ ᠰᠦᠷᠦᠭ  ᠤᠨ ᠡᠵᠡᠨ᠂ ᠦᠨᠳᠦᠰᠦᠨ ᠤ ᠦᠢᠯᠡᠳᠪᠦᠷᠢᠯᠡᢉᠴᠢ᠂ ᠮᠠᠯᠴᠢᠨ ᠪᠦᠰᠡᢉᠦᠢᠢᠴᠥᠥᠳ ᠲᠠ ᠪᠦᠬᠦᠨ ᠳ᠋ᠦ ᠪᠡᠨ ᠡᠨᠡ ᠡᠳᠦᠷ ᠦ᠋ᠨ ᠮᠡᠨᠳᠦ ᠶ᠋ᠢ ᠬᠦᠷᠬᠡᠶ᠎ᠡ᠃

ᠨᠡᢉᠦᠳᠡᠯ ᠦ᠋ᠨ ᠰᠣᠶᠤᠯ ᠢᠷᠭᠡᠨᠰᠢᠯ᠂ ᠭᠠᠵᠠᠷ ᠨᠤᠲᠤᠭ᠂ ᠴᠠᠭ ᠠᠭᠠᠷ  ᠤᠨ ᠣᠨᠴᠠᠯᠢᠭ ᠲᠤ ᠲᠣᠬᠢᠷᠠᠭᠤᠯᠤᠨ ᠮᠠᠯ ᠮᠠᠯᠯᠠᠬᠤ ᠤᠯᠠᠮᠵᠢᠯᠠᠯᠲᠤ ᠠᠷᠭ᠎ᠠ ᠤᠬᠠᠭᠠᠨ ᠢ᠋ ᠦᠶ᠎ᠡ ᠳᠠᠮᠵᠢᠭᠤᠯᠤᠨ ᠬᠥᢉᠵᠢᢉᠦᠯᠵᠦ᠂ ᠮᠣᠩ᠋ᠭᠣᠯ ᠶᠣᠰᠤ ᠵᠠᠩᠰᠢᠯ᠂ ᠥᠪ ᠰᠣᠶᠤᠯ  ᠢᠢᠠᠨ ᠲᠡᠭᠡᠭᠡᠵᠦ ᠢᠷᠡᢉᠰᠡᠨ᠂ ᠥᠰᠦᠨ ᠦᠷᠡᠵᠢᠵᠦ᠂ ᠤᠷᠭᠤᠨ ᠲᠥᠯᠦᠵᠢᠳᠡᠭ ᠪᠠᠶᠠᠯᠢᠭ ᠪᠦᠲᠦᠭᠡᠵᠦ ᠪᠠᠢᠢᠭ᠎ᠠ ᠮᠠᠯᠴᠢᠨ ᠪᠦᠰᠡᢉᠦᠢᠢᠴᠦᠳ ᠲᠠ ᠪᠦᠬᠦᠨ ᠳ᠋ᠦ ᠠᠷᠠᠳ ᠲᠦᠮᠡᠨ ᠤ ᠪᠡᠨ ᠨᠡᠷ᠎ᠡ ᠶ᠋ᠢᠨ ᠡᠮᠦᠨ᠎ᠡ ᠡᠴᠡ ᢉᠦᠨ ᠲᠠᠯᠠᠷᠬᠠᠯ ᠢᠯᠡᠷᠬᠡᠢᠢᠯᠡᠶ᠎ᠡ᠃

᠒᠐᠒᠑ ᠣᠨ ᠤ᠋ ᠪᠠᠢᠢᠳᠠᠯ  ᠢᠢᠠᠷ ᠮᠠᠨ ᠤ᠋ ᠤᠯᠤᠰ  ᠤᠨ ᠮᠠᠯᠴᠢᠨ ᠢᠷᠭᠡᠳ ᠦ᠋ᠨ ᠲᠣᠭ᠎ᠠ ᠓᠐᠕ ᠮᠢᠩ᠋ᠭ᠎ᠠ ᠭᠠᠷᠤᠢ ᠪᠠᠢᠢᠭ᠎ᠠ ᠪᠥᠭᠡᠳ ᠡᠨᠡ ᠨᠢ ᠬᠥᠳᠡᠯᠮᠦᠷᠢ ᠡᠷᠬᠢᠯᠡᠬᠦ ᠪᠣᠯᠤᠮᠵᠢ ᠲᠠᠢ ᠨᠡᠢᠢᠲᠡ ᠢᠷᠭᠡᠳ ᠦ᠋ᠨ ᠑᠕ ᠣᠷᠴᠢᠮ ᠬᠤᠪᠢ ᠶ᠋ᠢ ᠪᠦᠷᠢᠳᠦᢉᠦᠯᠵᠦ ᠪᠠᠢᠢᠨ᠎ᠠ᠃ ᠨᠡᠢᠢᠲᠡ ᠮᠠᠯ  ᠤᠨ ᠲᠣᠭ᠎ᠠ ᠑᠙᠙᠐ ᠣᠨ ᠳ᠋ᠤ ᠒᠖ ᠰᠠᠶ᠎ᠠ ᠪᠠᠢᠢᠭᠰᠠᠨ ᠪᠣᠯ ᠒᠐᠒᠒ ᠣᠨ ᠤ᠋ ᠪᠠᠢᠢᠳᠠᠯ  ᠢᠢᠠᠷ ᠗᠑ ᠰᠠᠶ᠎ᠠ ᠳ᠋ᠤ ᠬᠦᠷᠴᠦ᠂ ᠰᠡᢉᠦᠯ ᠦ᠋ᠨ ᠓᠒ ᠵᠢᠯ ᠦ᠋ᠨ ᠳᠣᠲᠤᠷ᠎ᠠ ᠔᠕ ᠰᠠᠶ᠎ᠠ ᠪᠠᠷ ᠥᠰᠦᠭᠡᠳ ᠪᠠᠢᠢᠨ᠎ᠠ᠃

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠶ᠋ᠢᠨ ᠰᠠᠨᠠᠭᠠᠴᠢᠯᠭ᠎ᠠ ᠪᠠᠷ “ᠲᠡᠷᠪᠤᠮ ᠮᠣᠳᠤ”᠂ “ᠡᠷᠡᢉᠦᠯ ᠮᠣᠩ᠋ᠭᠤᠯ ᠬᠦᠮᠦᠨ”᠂ “ᠬᠦᠨᠡᠰᠦᠨ ᠤ ᠬᠠᠩ᠋ᠭᠠᠮᠵᠢ᠂ ᠠᠶᠤᠯ ᠦ᠋ᠭᠡᠢ ᠪᠠᠢᠢᠳᠠᠯ” ᠭᠡᠰᠡᠨ ᠬᠣᠭᠤᠷᠤᠨᠳᠤ ᠪᠠᠨ ᠤᠶᠠᠯᠳᠤᠭ᠎ᠠ ᠬᠣᠯᠪᠤᠭ᠎ᠠ ᠲᠠᠢ ᠮᠣᠩ᠋ᠭᠣᠯ  ᠤᠨ ᠠᠷᠠᠳ ᠲᠦᠮᠡᠨ ᠤ ᠠᠵᠤ ᠠᠮᠢᠳᠤᠷᠠᠯ᠂ ᠣᠷᠤᠰᠢᠨ ᠲᠣᠭᠲᠠᠨᠢᠬᠤᠢ ᠶ᠋ᠢᠨ ᠠᠶᠤᠯ ᠦᠭᠡᠢ ᠪᠠᠢᠢᠳᠠᠯ  ᠤᠨ ᠠᠰᠠᠭᠤᠳᠠᠯ  ᠤᠳ ᠢ᠋ ᠰᠢᠢᠳᠪᠦᠷᠢᠯᠡᠬᠦ ᠵᠣᠷᠢᠯᠭ᠎ᠠ ᠪᠦᠬᠦᠢ ᠦᠨᠳᠦᠰᠦᠨ ᠤ ᠬᠥᠳᠡᠯᠭᠡᠭᠡᠨ ᠨᠦᢉᠦᠳ ᠢ᠋ ᠤᠯᠤᠰ ᠣᠷᠤᠨ ᠳᠠᠶᠠᠭᠠᠷ ᠥᠷᠨᠢᢉᠦᠯᠵᠦ ᠪᠠᠢᠢᠨ᠎ᠠ᠃ ᠬᠦᠨᠳᠦᠲᠦ ᠵᠣᠴᠢᠳ᠂ ᠲᠥᠯᠦᠭᠡᠯᠡᢉᠴᠢᠳ ᠡ᠂

ᠥᠨᠦᠳᠦᠷ ᠮᠠᠯ ᠠᠵᠤ ᠠᠬᠤᠢ ᠶ᠋ᠢᠨ ᠰᠠᠯᠪᠤᠷᠢ ᠨᠢ ᠮᠠᠨ ᠤ᠋ ᠤᠯᠤᠰ  ᠤᠨ ᠨᠡᠢᠢᠲᠡ ᠡᠳ᠋  ᠤᠨ ᠵᠠᠰᠠᠭ  ᠤᠨ ᠑᠕ ᠬᠤᠪᠢ ᠶ᠋ᠢ ᠪᠦᠷᠢᠳᠦᢉᠦᠯᠵᠦ᠂ ᠠᠯᠪᠠᠨ ᠶᠣᠰᠤ ᠪᠠᠷ ᠠᠵᠢᠯ ᠡᠷᠬᠢᠯᠡᠵᠦ ᠪᠠᠢᠢᠭ᠎ᠠ ᠲᠠᠪᠤᠨ ᠬᠦᠮᠦᠨ ᠲᠤᠲᠤᠮ  ᠤᠨ ᠨᠢᠭᠡ ᠨᠢ ᠮᠠᠯ ᠠᠵᠤ ᠠᠬᠤᠢ ᠶ᠋ᠢᠨ ᠰᠠᠯᠪᠤᠷᠢ ᠳᠤ ᠠᠵᠢᠯᠯᠠᠵᠤ᠂ ᠒᠐᠒᠑ ᠣᠨ ᠳ᠋ᠤ ᠗᠂᠒ ᠶᠡᠬᠡ ᠨᠠᠶᠤᠳ ᠲᠥᢉᠦᠷᠢᠭ᠌  ᠢᠢᠡᠷ ᠬᠡᠮᠵᠢᢉᠳᠡᠬᠦ ᠪᠠᠶᠠᠯᠢᠭ ᠪᠦᠲᠦᠭᠡᠵᠡᠢ᠃ ᠨᠡᠢᠢᠲᠡ ᠮᠠᠯᠴᠢᠳ  ᠤᠨ ᠔᠑᠂᠗ ᠬᠤᠪᠢ ᠶ᠋ᠢ ᠡᠮᠡᢉᠲᠡᠢᠢᠴᠦᠳ ᠪᠦᠷᠢᠳᠦᢉᠦᠯᠵᠦ ᠪᠠᠢᠢᠭ᠎ᠠ ᠶ᠋ᠢ ᠬᠦᠮᠦᠨ ᠤ ᠡᠷᠬᠡ ᠶ᠋ᠢᠨ ᠦᠨᠳᠦᠰᠦᠨ ᠤ ᠻᠣᠮᠢᠰᠰ  ᠤᠨ ᠲᠠᠢᠢᠯᠤᠨ ᠳ᠋ᠤ ᠳᠤᠷᠠᠳᠴᠡᠢ᠃
ᠮᠠᠯᠴᠢᠨ ᠡᠮᠡᢉᠲᠡᠢᠢᠴᠦᠳ ᠮᠠᠯ ᠮᠠᠯᠯᠠᠬᠤ᠂ ᠮᠠᠯ  ᠤᠨ ᠠᠰᠢᠭ ᠰᠢᠮ᠎ᠡ ᠶ᠋ᠢ ᠪᠣᠯᠪᠠᠰᠤᠷᠠᠭᠤᠯᠤᠨ ᠡᠴᠦᠰ ᠦ᠋ᠨ ᠪᠦᠲᠦᠭᠡᢉᠳᠡᠬᠦᠨ ᠪᠣᠯᠭᠠᠬᠤ ᠡᠳᠦᠷ ᠲᠤᠲᠤᠮ  ᠤᠨ ᠠᠵᠢᠯ ᠳ᠋ᠤ ᠶᠡᠬᠡᠩᠬᠢ ᠴᠠᠭ ᠢ᠋ ᠵᠣᠷᠢᠭᠤᠯᠳᠠᠭ ᠠ᠋ᠴᠠ ᠨᠡᠢᠢᠭᠡᠮ ᠦ᠋ᠨ ᠬᠠᠷᠢᠯᠴᠠᠭᠠᠨ ᠳ᠋ᠤ ᠣᠷᠤᠯᠴᠠᠵᠤ ᠴᠢᠳᠠᠳᠠᠭ ᠦᠭᠡᠢ᠂ ᠮᠥᠨ ᠬᠠᠤᠯᠢ ᠪᠠᠷ ᠣᠯᠭᠠᠭᠳᠠᠭᠰᠠᠨ ᠰᠣᠩ᠋ᠭᠤᠭᠳᠠᠬᠤ ᠡᠷᠬᠡ ᠶ᠋ᠢᠨ ᠲᠠᠯᠠᠭᠠᠷᠬᠢ ᠮᠡᠳᠡᠯᠭᠡ ᠣᠢᠢᠯᠠᠭᠠᠯᠲᠠ ᠰᠤᠯᠠ᠂ ᠲᠥᠷᠦᠯ ᠪᠦᠷᠢ ᠶ᠋ᠢᠨ ᠰᠤᠷᠭᠠᠯᠲᠠ ᠶ᠋ᠢᠨ ᠬᠥᠲᠦᠯᠪᠦᠷᠢ ᠳᠦ ᠬᠠᠩ᠋ᠭᠠᠯᠲᠠᠲᠠᠢ ᠬᠠᠮᠤᠷᠤᠭᠳᠠᠵᠤ ᠴᠢᠳᠠᠬᠤ ᠦᠭᠡᠢ ᠡᠴᠡ ᠮᠡᠳᠡᠭᠡᠯᠡᠯ ᠬᠠᠢᠢᠬᠤ᠂ ᠬᠦᠯᠢᠶᠡᠨ ᠠᠪᠬᠤ ᠡᠷᠬᠡ ᠪᠡᠨ ᠪᠦᠷᠢᠨ ᠡᠳ᠋ᠯᠡᠬᠦ ᠪᠣᠯᠤᠮᠵᠢ ᠦᠭᠡᠢ ᠪᠠᠢᠢᠭ᠎ᠠ ᠲᠤᠬᠠᠢ ᠰᠤᠳᠤᠯᠭ᠎ᠠ ᠪᠠᠢᠢᠨ᠎ᠠ᠃

ᠦᠨᠳᠦᠰᠦᠨ ᠤ ᠰᠲ᠋ᠠᠲ᠋ᠢᠰᠲ᠋ᠢᠭ  ᠤᠨ ᠬᠣᠷᠢᠶᠠᠨ ᠤ᠋ “ᠠᠵᠢᠯᠯᠠᠬᠤ ᠬᠦᠴᠦᠨ ᠤ ᠰᠤᠳᠤᠯᠭ᠋ ᠠ”᠆  ᠢᠢᠠᠷ ᠑᠑᠙ ᠮᠢᠩ᠋ᠭᠠᠨ ᠮᠠᠯᠴᠢᠨ ᠡᠮᠡᢉᠲᠡᠢ ᠶ᠋ᠢᠨ ᠭᠤᠷᠪᠠᠨ ᠤ᠋ ᠨᠢᠭᠡ ᠨᠢ ᠪᠤᠶᠤ ᠔᠐ ᠬᠦᠷᠬᠦ ᠦᠭᠡᠢ ᠮᠢᠩ᠋ᠭ᠎ᠠ ᠨᠢ ᠨᠡᠢᠢᠭᠡᠮ ᠦ᠋ᠨ ᠳᠠᠭᠠᠳᠬᠠᠯ ᠳ᠋ᠤ ᠬᠠᠮᠤᠷᠤᠭᠳᠠᠵᠡᠢ᠃ ᠭᠠᠵᠠᠷ ᠵᠦᠢ ᠶ᠋ᠢᠨ ᠬᠤᠪᠢ ᠳ᠋ᠤ ᠠᠯᠤᠰᠯᠠᠭᠳᠠᠮᠠᠯ᠂ ᠮᠠᠯ ᠬᠠᠷᠢᠭᠤᠯᠬᠤ ᠬᠦᠮᠦᠨ ᠬᠦᠴᠦ ᠳᠤᠲᠠᠮᠠᠭ᠂ ᠬᠥᠷᠦᠩ᠋ᠭᠡ ᠰᠠᠩᠬᠦᠦ ᠶ᠋ᠢᠨ ᠲᠣᠭᠲᠠᠮᠠᠯ ᠣᠷᠤᠯᠭ᠎ᠠ ᠪᠠᠢᠢᠬᠤ ᠦᠭᠡᠢ᠂ ᠮᠡᠳᠡᠯᠭᠡ᠂ ᠮᠡᠳᠡᠭᠡᠯᠡᠯ ᠬᠣᠮᠰᠠ ᠪᠠᠢᠢᠳᠠᠭ ᠠ᠋ᠴᠠ ᠰᠢᠯᠲᠠᠭᠠᠯᠠᠨ ᠨᠡᠢᠢᠭᠡᠮ ᠦ᠋ᠨ ᠳᠠᠭᠠᠳᠬᠠᠯ  ᠤᠨ ᠰᠢᠮᠡᠳᠬᠡᠯ  ᠢᠢᠡᠨ ᠲᠥᠯᠦᠬᠦ ᠪᠣᠯᠤᠮᠵᠢ ᠦᠭᠡᠢ ᠵᠡᠷᠭᠡ ᠪᠡᠷᠬᠡᠰᠢᠶᠡᠯ ᠦ᠋ᠨ ᠤᠯᠠᠮ ᠠ᠋ᠴᠠ ᠮᠠᠯᠴᠢᠨ ᠡᠮᠡᢉᠲᠡᠢᠴᠥᠥᠳ ᠨᠡᠢᠢᠭᠡᠮ ᠦ᠋ᠨ ᠳᠠᠭᠠᠳᠬᠠᠯ ᠳ᠋ᠤ ᠬᠠᠮᠤᠷᠤᠭᠳᠠᠵᠤ ᠴᠢᠳᠠᠬᠤ ᠦᠭᠡᠢ ᠪᠠᠢᠢᠨ᠎ᠠ᠃

ᠲᠡᠢᠢᠮᠦ ᠡᠴᠡ ᠮᠠᠯᠴᠢᠨ ᠡᠮᠡᢉᠲᠡᠢᠢᠴᠦᠳ ᠦ᠋ᠨ ᠬᠥᠳᠡᠯᠮᠦᠷᠢ ᠡᠷᠬᠢᠯᠡᠯᠲᠡ ᠶ᠋ᠢ ᠳᠡᠮᠵᠢᠬᠦ᠂ ᠤᠷᠮᠠᠰᠢᠭᠤᠯᠤᠯ  ᠤᠨ ᠲᠣᠭᠲᠠᠯᠴᠠᠭ᠎ᠠ ᠪᠤᠢ ᠪᠣᠯᠭᠠᠬᠤ᠂ ᠠᠮᠠᠷᠠᠵᠤ ᠰᠤᠪᠢᠯᠠᠭᠤᠯᠬᠤ ᠨᠥᠬᠦᠴᠡᠯ ᠢ᠋ ᠪᠦᠷᠢᠳᠦᢉᠦᠯᠬᠦ᠂ ᠨᠡᠢᠢᠭᠡᠮ ᠦ᠋ᠨ ᠪᠣᠯᠤᠨ ᠡᠷᠡᢉᠦᠯ ᠮᠡᠨᠳᠦ ᠶ᠋ᠢᠨ ᠳᠠᠭᠠᠳᠬᠠᠯ  ᠤᠨ ᠰᠢᠮᠡᠳᠬᠡᠯ ᠢ᠋ ᠨᠥᠬᠦᠨ ᠲᠥᠯᠦᢉᠦᠯᠬᠦ᠂ ᠰᠢᠮᠡᠳᠬᠡᠯ ᠲᠥᠯᠦᠯᠲᠡ ᠶ᠋ᠢᠨ ᠬᠤᠭᠤᠴᠠᠭ᠎ᠠ ᠶ᠋ᠢ ᠨᠣᠣᠰᠤ ᠨᠣᠯᠤᠤᠷ᠂ ᠮᠠᠯ ᠨᠢᠳᠤᠯᠠᠭᠠᠨ ᠤ᠋ ᠦᠶ᠎ᠡ ᠵᠡᠷᠭᠡ ᠲᠡᠢ ᠤᠶᠠᠯᠳᠤᠭᠤᠯᠤᠨ ᠲᠥᠯᠦᠬᠦ ᠪᠣᠯᠤᠮᠵᠢ ᠪᠦᠷᠢᠳᠦᢉᠦᠯᠬᠦ᠂ ᠲᠥᠷᠦ ᠶ᠋ᠢᠨ ᠦᠢᠯᠡᠴᠢᠯᠡᠭᠡ ᠶ᠋ᠢ ᠲᠣᠭᠲᠠᠮᠠᠯ ᠬᠦᠷᠲᠡᠭᠡᠮᠵᠢ ᠲᠡᠢ ᠬᠦᠷᠬᠡᠬᠦ ᠶᠠᠪᠤᠭᠤᠯ  ᠤᠨ ᠦᠢᠯᠡᠴᠢᠯᠡᠭᠡ ᠪᠤᠢ ᠪᠣᠯᠭᠠᠬᠤ ᠱᠠᠭᠠᠷᠳᠠᠯᠭ᠎ᠠ ᠲᠠᠢ ᠪᠠᠢᠢᠭ᠎ᠠ ᠶ᠋ᠢ ᠬᠣᠯᠪᠤᠭᠳᠠᠬᠤ ᠪᠠᠢᠢᠭᠤᠯᠤᠯᠭ᠎ᠠ ᠨᠤᠭᠤᠳ ᠠᠩᠬᠠᠷᠴᠤ ᠠᠵᠢᠯᠯᠠᠬᠤ ᠨᠢ ᠵᠦᠢ ᠲᠡᠢ᠃

ᠤᠯᠤᠰ ᠣᠷᠤᠨ ᠤ᠋ ᠪᠠᠨ ᠥᠨᠴᠦᠭ ᠪᠤᠯᠤᠩ ᠪᠦᠷᠢ ᠡᠴᠡ ᠬᠦᠷᠦᠯᠴᠡᠨ ᠢᠷᠡᠵᠦ “ᠮᠠᠯᠴᠢᠨ ᠡᠮᠡᢉᠲᠡᠢᠢᠴᠥᠥᠳ ᠮᠠᠩᠯᠠᠢᠢᠯᠠᠯ” ᠵᠥᠪᠯᠡᠭᠡᠨ ᠳ᠋ᠦ ᠣᠷᠤᠯᠴᠠᠵᠤ ᠪᠤᠢ ᠲᠠ ᠪᠦᠬᠦᠨ ᠥᠪᠡᠷᠰᠡᠳ ᠦ᠋ᠨ ᠡᠮᠦᠨ᠎ᠡ ᠲᠤᠯᠭᠠᠮᠳᠠᠭᠰᠠᠨ ᠠᠰᠠᠭᠤᠳᠠᠯ  ᠢᠢᠠᠨ ᠢᠯᠡᠨ ᠳᠠᠯᠠᠩᢉᠦᠢ ᠶᠠᠷᠢᠯᠴᠠᠵᠤ᠂ ᠰᠠᠯᠪᠤᠷᠢ ᠶ᠋ᠢᠨ  ᠢᠢᠠᠨ ᠣᠯᠤᠯᠲᠠ ᠠᠮᠵᠢᠯᠲᠠ᠂ ᠠᠯᠳᠠᠭ᠎ᠠ ᠣᠨᠤᠭ᠎ᠠ ᠶ᠋ᠢ ᠳᠡᠩᠰᠡᠯᠦᠨ ᠭᠠᠷᠴᠠ ᠰᠢᠢᠳᠦᠯ  ᠢᠢᠡᠨ ᠲᠣᠳᠤᠷᠬᠠᠢᠢᠯᠠᠨ ᠦᠷ᠎ᠡ ᠳ᠋ᠦᠩ ᠲᠡᠢ ᠬᠠᠮᠲᠤᠷᠠᠨ ᠠᠵᠢᠯᠯᠠᠨ᠎ᠠ ᠭᠡᠳᠡᠭ ᠲᠦ ᠲᠥᠷᠦ ᠶ᠋ᠢᠨ ᠲᠡᠷᠢᢉᠦᠨ ᠢᠲᠡᠭᠡᠵᠦ ᠪᠠᠢᠢᠨ᠎ᠠ᠃

ᠮᠣᠩ᠋ᠭᠣᠯ ᠤᠯᠤᠰ  ᠤᠨ ᠒᠑ ᠠᠢᠢᠮᠠᠭ᠂ ᠓᠓᠐ ᠰᠤᠮᠤ ᠶ᠋ᠢᠨ ᠮᠠᠯᠴᠢᠨ᠂ ᠥᠬᠢᠳ ᠡᠮᠡᢉᠲᠡᠢᠢᠴᠥᠥᠳ ᠢ᠋ ᠣᠷᠤᠯᠴᠠᠭᠤᠯᠤᠭᠰᠠᠨ “ᠮᠠᠯᠴᠢᠨ ᠡᠮᠡᢉᠲᠡᠢᠢᠴᠥᠥᠳ ᠮᠠᠩᠯᠠᠢᠢᠯᠠᠯ” ᠵᠥᠪᠯᠡᠭᠡᠨ ᠤ ᠦᠢᠯᠡ ᠠᠵᠢᠯᠯᠠᠭᠠᠨ ᠳ᠋ᠤ ᠠᠮᠵᠢᠯᠲᠠ ᠬᠦᠰᠡᠶ᠎ᠡ᠃

ᠮᠥᠩᠬᠡ ᠲᠩᠷᠢ ᠶ᠋ᠢᠨ ᠬᠦᠴᠦᠨ ᠳᠣᠣᠷ᠎ᠠ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ” ᠭᠡᠵᠡᠢ᠃