Та "Internet explorer"-ийн сүүлийн хувилбар болох "Microsoft edge"-г ашиглана уу

Хэрэв "Microsoft edge"-г татах бол энд дарж татаж авна уу

ᠰᠠᠦ᠋ᠳ  ᠤᠨ ᠠᠷᠠᠪ  ᠤᠨ ᠬᠠᠭᠠᠨᠲᠤ ᠤᠯᠤᠰ ᠡᠴᠠ ᠮᠣᠩ᠋ᠭᠤᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠢᠢᠳ ᠢᠲᠡᠭᠡᠮᠵᠢᠯᠡᠬᠦ ᠵᠢᠭᠤᠬᠤ ᠪᠢᠴᠢᠭ  ᠢᠢᠡᠨ ᠡᠷᠭᠥᠨ ᠪᠠᠷᠢᠪᠠ

ᠰᠠᠦ᠋ᠳ ᠤᠨ ᠠᠷᠠᠪ  ᠤᠨ ᠬᠠᠭᠠᠨᠲᠤ ᠤᠯᠤᠰ ᠠ᠋ᠴᠠ ᠮᠣᠩ᠋ᠭᠤᠯ ᠤᠯᠤᠰ ᠲᠤ ᠬᠠᠪᠰᠤᠷᠤᠨ ᠰᠠᠭᠤᠬᠤ ᠡᠯᠴᠢᠨ ᠰᠠᠶᠢᠳ ᠠᠪᠳᠤᠯᠠᠷᠠᠾᠮᠠᠨ ᠠᠾᠮᠠᠳ᠋ ᠠᠯᠢ- ᠾᠠᠷᠪᠢ ᠮᠣᠩ᠋ᠭᠣᠯ ᠤᠯᠤᠰ  ᠤᠨ ᠶᠡᠷᠦᠩᠬᠡᠶᠢᠯᠡᢉᠴᠢ ᠤᠬᠤᠨ᠎ᠠ ᠶ᠋ᠢᠨ ᠬᠦᠷᠡᠯᠰᠦ᠋ᠬᠡ ᠳ᠋ᠦ ᠢᠲᠡᠭᠡᠮᠵᠢᠯᠡᠬᠦ ᠵᠢᠭᠤᠬᠤ ᠪᠢᠴᠢᠭ᠌  ᠢᠢᠡᠨ ᠡᠷᠭᠥᠨ ᠪᠠᠷᠢᠪᠠ᠃

ᠢᠲᠡᠭᠡᠮᠵᠢᠯᠡᠬᠦ ᠵᠢᠭᠤᠬᠤ ᠪᠢᠴᠢᠭ᠌ ᠎ ᠢᠢᠡᠨ ᠡᠷᢉᠦᠨ ᠪᠠᠷᠢᠭᠰᠠᠨ ᠲᠠᠢ ᠬᠣᠯᠪᠤᠭᠳᠠᠭᠤᠯᠤᠨ ᠮᠣᠩ᠋ᠭᠣᠯ ᠤᠯᠤᠰ  ᠤᠨ ᠶᠡᠷᠦᠩᠬᠡᠶᠢᠯᠡᢉᠴᠢ ᠬᠦᠯᠢᠶᠡᠨ ᠠᠪᠴᠤ ᠠᠭᠤᠯᠵᠠᠨ᠂ ᠡᠯᠴᠢᠨ ᠰᠠᠶᠢᠳ  ᠢᠢᠠᠷ ᠲᠣᠮᠢᠯᠠᠭᠳᠠᠭᠰᠠᠨ ᠳ᠋ᠤ ᠨᠢ ᠪᠠᠶᠠᠷ ᠬᠦᠷᠬᠡᠪᠡ᠃

ᠶᠡᠷᠦᠩᠬᠡᠶᠢᠯᠡᢉᠴᠢ ᠨᠡ‍ ᠂ ᠥ᠂ ᠪᠠ‍᠂  ᠢᠢᠨ ᠴᠥᠯᠵᠢᠯᠲᠡ ᠲᠡᠢ ᠲᠡᠮᠡᠴᠡᠬᠦ ᠻᠣᠨᠸᠧᠨᠼ  ᠤᠨ ᠲᠠᠯ᠎ᠠ ᠨᠤᠭᠤᠳ  ᠤᠨ ᠡᠭᠡᠯᠵᠢᠲᠦ ᠪᠠᠭ᠎ᠠ ᠬᠤᠷᠠᠯ  ᠤᠤᠳ ᠢ᠋ ᠰᠠᠦ᠋ᠳ  ᠤᠨ ᠠᠷᠠᠪ ᠤᠨ ᠬᠠᠭᠠᠨᠲᠤ ᠤᠯᠤᠰ ᠪᠣᠯᠤᠨ ᠮᠣᠩ᠋ᠭᠣᠯ ᠤᠯᠤᠰ ᠲᠤᠰ ᠲᠤᠰ ᠬᠦᠯᠢᠶᠡᠨ ᠠᠪᠴᠤ ᠵᠣᠬᠢᠶᠠᠨ ᠪᠠᠶᠢᠭᠤᠯᠬᠤ ᠴᠢᢉᠯᠡᠯ ᠎ ᠢᠢᠡᠷ ᠣᠯᠠᠨ ᠤᠯᠤᠰ  ᠤᠨ ᠲᠠᠪᠴᠠᠩ ᠳ᠋ᠤ ᠬᠠᠷᠢᠯᠴᠠᠨ ᠤᠶᠠᠯᠳᠤᠭᠠᠲᠠᠢ ᠠᠵᠢᠯᠯᠠᠵᠤ ᠪᠤᠶᠢ ᠳ᠋ᠤ ᠰᠡᠳᠬᠢᠯ ᠬᠠᠩ᠋ᠭᠠᠯᠤᠭᠤᠨ ᠪᠠᠶᠢᠭ᠎ᠠ ᠪᠠᠨ ᠢᠯᠡᠷᠬᠡᠶᠢᠯᠡᠪᠡ᠃

ᠴᠢᠨᠠᠬᠰᠢᠳᠠ ᠬᠠᠮᠲᠤ ᠶ᠋ᠢᠨ ᠠᠵᠢᠯᠯᠠᠭ᠎ᠠ ᠶ᠋ᠢ ᠬᠤᠳᠠᠯᠳᠤᠭ᠎ᠠ᠂ ᠡᠳ᠋  ᠤᠨ ᠵᠠᠰᠠᠭ᠂ ᠬᠥᠷᠦᠩᠭᠡ ᠣᠷᠤᠭᠤᠯᠤᠯᠲᠠ᠂ ᠠᠭᠤᠯᠠ ᠠᠭᠤᠷᠬᠠᠢ᠂ ᠬᠥᠳᠡᠭᠡ ᠠᠵᠤ ᠠᠬᠤᠢ᠂ ᠪᠠᠶᠢᠭᠠᠯᠢ ᠣᠷᠴᠢᠨ ᠵᠡᠷᠭᠡ ᠰᠠᠯᠪᠤᠷᠢ ᠳᠤ ᠬᠥᢉᠵᠢᢉᠦᠯᠬᠦ ᠪᠣᠯᠤᠮᠵᠢ ᠪᠠᠶᠢᠭ᠎ᠠ ᠶ᠋ᠢ ᠲᠡᠮᠳᠡᢉᠯᠡᠪᠡ᠃

ᠡᠯᠴᠢᠨ ᠰᠠᠶᠢᠳ ᠠᠪᠳᠤᠯᠠᠷᠠᠾᠮᠠᠨ ᠠᠾᠮᠠᠳ᠋ ᠠᠯᠢ- ᠾᠠᠷᠪᠢ ᠮᠣᠩ᠋ᠭᠣᠯ ᠤᠯᠤᠰ  ᠤᠨ ᠶᠡᠷᠦᠩᠬᠡᠶᠢᠯᠡᢉᠴᠢ ᠳ᠋ᠦ ᠰᠠᠦ᠋ᠳ  ᠤᠨ ᠠᠷᠠᠪ  ᠤᠨ ᠬᠠᠭᠠᠨᠲᠤ ᠤᠯᠤᠰ  ᠤᠨ ᠬᠠᠭᠠᠨ᠂ ᠬᠣᠶᠠᠷ ᠠᠷᠢᠭᠤᠨ ᠰᠦᠮ᠎ᠡ ᠶ᠋ᠢ ᠬᠠᠮᠠᠭᠠᠯᠠᠭᠴᠢ ᠡᠷᠬᠢᠮ ᠳᠡᠭᠡᠳᠦ ᠰᠠᠯᠮᠠᠨ ᠪᠢᠨ ᠠᠪᠳᠤᠯᠠᠽᠢᠽ ᠠᠯᠢ- ᠰᠠᠦ᠋ᠳ᠋  ᠢᠢᠨ ᠬᠠᠯᠠᠭᠤᠨ ᠳᠣᠲᠤᠨᠤ ᠮᠡᠨᠳᠦᠴᠢᠯᠡᠭᠡ ᠶ᠋ᠢ ᠤᠯᠠᠮᠵᠢᠯᠠᠪ᠃

ᠮᠥᠨ ᠮᠣᠩ᠋ᠭᠣᠯ᠂ ᠰᠠᠦ᠋ᠳ  ᠤᠨ ᠠᠷᠠᠪ  ᠤᠨ ᠬᠠᠷᠢᠯᠴᠠᠭ᠎ᠠ ᠶ᠋ᠢ ᠤᠯᠠᠮ ᠪᠡᠬᠢᠵᠢᢉᠦᠯᠬᠦ᠂ ᠢᠯᠠᠩ᠋ᠭᠤᠶ᠎ᠠ ᠡᠳ᠋  ᠤᠨ ᠵᠠᠰᠠᠭ  ᠤᠨ ᠬᠠᠮᠲᠤ ᠶ᠋ᠢᠨ ᠠᠵᠢᠯᠯᠠᠭ᠎ᠠ ᠶ᠋ᠢ ᠥᠷᠭᠡᠵᠢᢉᠦᠯᠬᠦ ᠳ᠋ᠦ ᠣᠨᠴᠤᠭᠤᠶᠢᠯᠠᠨ ᠠᠩᠬᠠᠷᠴᠤ ᠠᠵᠢᠯᠯᠠᠬᠤ ᠪᠠᠨ ᠢᠯᠡᠷᠬᠡᠶᠢᠯᠡᠪᠡ᠃