Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠡᠮᠤᠨᠡᠳ᠋ᠦ ᠬᠢᠯᠢ ᠳᠡᠭᠡᠷ᠎ᠡ ᠠᠵᠢᠯᠯᠠᠪᠠ

ᠮᠣᠩ᠋ᠭᠣᠯ ᠤᠯᠤᠰ  ᠤᠨ ᠶᠡᠷᠦᠩᠬᠡᠢᠢᠯᠡᢉᠴᠢ᠂ ᠵᠡᠪᠰᠡᢉᠲᠦ ᠬᠦᠴᠤᠨ ᠤ ᠶᠡᠷᠦᠩᠬᠡᠢ ᠻᠣᠮᠠᠨᠳ᠋ᠯᠠᠭᠴᠢ ᠤᠬᠤᠨ᠎ᠠ ᠶ᠋ᠢᠨ ᠬᠦᠷᠡᠯᠰᠦ᠋ᠬᠡ ᠤᠯᠤᠰ  ᠤᠨ ᠳᠠᠷᠬᠠᠨ ᠬᠢᠯᠢ ᠶ᠋ᠢ ᠡᠷᢉᠢᠵᠦ᠂ ᠡᠮᠤᠨᠡᠳ᠋ᠦ ᠬᠢᠯᠢ ᠳᠡᠭᠡᠷ᠎ᠡ ᠡᢉᠦᠷᠭᠡ ᢉᠦᠢᠢᠴᠡᠳᠬᠡᠵᠦ ᠪᠤᠢ ᠬᠢᠯᠢ ᠶ᠋ᠢᠨ ᠴᠡᠷᠢᠭ  ᠤᠨ ᠠᠯᠪᠠ ᠬᠠᠭᠠᠭᠴᠢᠳ ᠲᠠᠢ ᠠᠭᠤᠯᠵᠠᠯ᠎ᠠ᠃

ᠡᠨᠡ ᠨᠢ ᠒᠐᠒᠓ ᠣᠨ ᠭᠠᠷᠤᠭᠰᠠᠨ ᠠ᠋ᠴᠠ ᠬᠣᠢᠢᠰᠢ ᠮᠣᠩ᠋ᠭᠣᠯ ᠤᠯᠤᠰ  ᠤᠨ ᠶᠡᠷᠦᠩᠬᠡᠢᠢᠯᠡᢉᠴᠢ᠂ ᠵᠡᠪᠰᠡᢉᠲᠦ ᠬᠦᠴᠤᠨ ᠤ ᠶᠡᠷᠦᠩᠬᠡᠢ ᠻᠣᠮᠠᠨᠳ᠋ᠯᠠᠭᠴᠢ ᠶ᠋ᠢᠨ ᠴᠡᠷᠢᠭ᠂ ᠳᠠᠢᠢᠴᠢᠳ ᠲᠠᠢ ᠬᠢᠵᠦ ᠪᠤᠢ ᠠᠩᠬᠠᠨ ᠤ᠋ ᠠᠭᠤᠯᠵᠠᠯᠲᠠ ᠪᠣᠯᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᢉᠴᠢ᠂ ᠵᠡᠪᠰᠡᢉᠲᠦ ᠬᠦᠴᠤᠨ ᠤ ᠶᠡᠷᠦᠩᠬᠡᠢ ᠻᠣᠮᠠᠨᠳ᠋ᠯᠠᠭᠴᠢ ᠶ᠋ᠢ ᠮᠣᠩ᠋ᠭᠣᠯ ᠤᠯᠤᠰ  ᠤᠨ ᠪᠠᠭᠠᠲᠤᠷ ᠰ᠂ ᡀᠠᠭᠪᠠᠳᠣᠷᠵᠢ ᠶ᠋ᠢᠨ ᠨᠡᠷᠡᠮᠵᠢᠲᠦ ᠬᠢᠯᠢ ᠶ᠋ᠢᠨ ᠴᠡᠷᠢᠭ  ᠤᠨ ᠐᠑᠒᠙ ᠳ᠋ᠦᠭᠡᠷ ᠠᠩᢉᠢ ᠶ᠋ᠢᠨ ᠪᠠᠢᠢᠷᠢᠯᠠᠯ ᠳ᠋ᠤ ᠬᠦᠷᠦᠯᠴᠡᠨ ᠢᠷᠡᠬᠦ ᠳ᠋ᠦ ᠲᠤᠰ ᠠᠩᠭᠢ  ᠤᠨ ᠪᠡᠶ᠎ᠡ ᠪᠦᠷᠢᠯᠳᠡᠬᠥᠨ ᠬᠥᠨᠳᠦᠳᠬᠡᠨ ᠵᠢᠭᠰᠠᠵᠤ ᠤᠭᠲᠤᠪᠠ᠃

ᠬᠢᠯᠢ ᠬᠠᠮᠠᠭᠠᠯᠠᠬᠤ ᠠᠯᠪᠠ ᠪᠣᠯ ᠪᠡᠶ᠎ᠡ ᠰᠡᠳᠬᠢᠯ ᠦ᠋ᠨ ᠶᠡᠬᠡ ᠲᠡᠩᠬᠡᠭᠡ᠂ ᠲᠡᠪᠴᠢᠶᠡᠷᠢ᠂ ᠰᠣᠨᠤᠷ ᠰᠡᠷᠡᠮᠵᠢ᠂ ᠪᠠᠢᠢᠩ᠋ᠭᠤ ᠶ᠋ᠢᠨ ᠪᠡᠯᠡᠨ ᠪᠠᠢᠢᠳᠠᠯ ᠢ᠋ ᠱᠠᠭᠠᠷᠳᠠᠭᠰᠠᠨ ᠨᠡᠩ ᠬᠠᠷᠢᠭᠤᠴᠠᠯᠭᠠᠲᠠᠢ ᠠᠯᠪᠠ ᠭᠡᠳᠡᠭ ᠢ ᠴᠣᠬᠤᠨ ᠲᠡᠮᠳᠡᢉᠯᠡᠯ ᠡ᠃

ᠴᠢᠨᠠᠬᠰᠢᠳᠠ ᠤᠯᠤᠰ  ᠤᠨ ᠬᠢᠯᠢ ᠬᠠᠮᠠᠭᠠᠯᠠᠯᠲᠠ ᠶ᠋ᠢᠨ ᠴᠢᠳᠠᠪᠬᠢ ᠶ᠋ᠢ ᠰᠠᠢᠢᠵᠢᠷᠠᠭᠤᠯᠬᠤ᠂ ᠨᠠᠢᠢᠳᠠᠪᠤᠷᠢᠲᠠᠢ ᠪᠠᠢᠢᠳᠠᠯ ᠢ᠋ ᠬᠠᠩ᠋ᠭᠠᠬᠤ᠂ ᠰᠢᠨᠵᠢᠯᠡᠬᠦ ᠤᠬᠠᠭᠠᠨ᠂ ᠲᠧᠻᠨᠣᠯᠣᢉᠢ ᠶ᠋ᠢᠨ ᠣᠯᠤᠯᠲᠠ ᠶ᠋ᠢ ᠨᠡᠪᠲᠡᠷᠡᢉᠦᠯᠬᠦ᠂ ᠬᠢᠯᠢᠴᠢᠳ ᠦ᠋ᠨ ᠨᠡᠢᠢᠭᠡᠮ᠂ ᠡᠷᠬᠡ ᠵᠦᠢ ᠶ᠋ᠢᠨ ᠪᠠᠲᠤᠯᠠᠭ᠎ᠠ ᠶ᠋ᠢ ᠪᠦᠷᠢᠳᠦᢉᠦᠯᠬᠦ ᠳ᠋ᠦ ᠵᠡᠪᠰᠡᢉᠲᠦ ᠬᠦᠴᠤᠨ ᠤ ᠶᠡᠷᠦᠩᠬᠡᠢ ᠻᠣᠮᠠᠨ᠋ᠳ᠋ᠯᠠᠭᠴᠢ ᠶ᠋ᠢᠨ ᠵᠥᠭ ᠡᠴᠡ ᠪᠦᠬᠦ ᠲᠠᠯ᠎ᠠ ᠶ᠋ᠢᠨ ᠳᠡᠮᠵᠢᠯᠭᠡ ᠦᠵᠡᢉᠦᠯᠬᠦ ᠪᠣᠯᠤᠨ᠎ᠠ ᠭᠡᠳᠡᠭ  ᠢ ᠬᠡᠯᠡᠵᠦ᠂ ᠠᠮᠵᠢᠯᠲᠠ ᠬᠦᠰᠡᠯ᠎ᠡ᠃

ᠮᠣᠩ᠋ᠭᠣᠯ ᠤᠯᠤᠰ  ᠤᠨ ᠶᠡᠷᠦᠩᠬᠡᠢᠢᠯᠡᢉᠴᠢ᠂ ᠵᠡᠪᠰᠡᢉᠲᠦ ᠬᠦᠴᠤᠨ ᠤ ᠶᠡᠷᠦᠩᠬᠡᠢ ᠻᠣᠮᠠᠨᠳ᠋ᠯᠠᠭᠴᠢ ᠤᠬᠤᠨ᠎ᠠ ᠶ᠋ᠢᠨ ᠬᠦᠷᠡᠯᠰᠤᠢᠬᠡ ᠬᠢᠯᠢ ᠶ᠋ᠢᠨ ᠴᠡᠷᠢᠭ  ᠤᠨ ᠐᠑᠒᠙ ᠳ᠋ᠦᠭᠡᠷ ᠠᠩᢉᠢ ᠳ᠋ᠤ ᠠᠵᠢᠯᠯᠠᠬᠤ ᠦᠶ᠎ᠡ ᠪᠡᠷ  ᠢᠢᠡᠨ ᠲᠤᠰ ᠠᠩᢉᠢ ᠳ᠋ᠤ ᠮᠠᠱᠢᠨ᠂ ᠲᠧᠬᠨᠢᠭ ᠭᠠᠷᠳᠠᠭᠤᠯᠬᠤ ᠶᠣᠰᠤᠯᠠᠯ ᠳ᠋ᠤ ᠣᠷᠤᠯᠴᠠᠪᠠ᠃