ᠮᠣᠩ᠋ᠭᠤᠯ ᠤᠯᠤᠰ ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ XVII ᠵᠢᠷᠠᠨ ᠤ᠋ “ᠦᠵᠡᠰᠬᠦᠯᠡᠩ ᠪᠣᠯᠭᠠᠭᠴᠢ” ᠬᠡᠮᠡᠬᠦ ᠤᠰᠤᠨ ᠲᠠᠤᠯᠠᠢ ᠵᠢᠯ ᠦ᠋ᠨ ᠴᠠᠭᠠᠨ ᠰᠠᠷ᠎ᠠ ᠶ᠋ᠢᠨ ᠪᠠᠶᠠᠷ ᠢ᠋ ᠲᠣᠬᠢᠶᠠᠯᠳᠤᠭᠤᠯᠤᠨ᠂ ᠠᠵᠢᠯ ᠦᠢᠯᠡᠰ ᠢᠢᠡᠷ ᠢᠢᠡᠨ ᠠᠷᠠᠳ ᠣᠯᠠᠨ ᠢᠢᠠᠨ ᠮᠠᠩᠯᠠᠢᠢᠯᠠᠵᠤ᠂ ᠡᠬᠡ ᠣᠷᠤᠨ ᠤ᠋ ᠪᠠᠨ ᠬᠥᢉᠵᠢᠯ ᠳᠡᠪᠰᠢᠯ ᠳ᠋ᠦ ᠦᠨᠡᠲᠡᠢ ᠬᠤᠪᠢ ᠨᠡᠮᠡᠷᠢ ᠣᠷᠤᠭᠤᠯᠤᠭᠰᠠᠨ ᠡᠷᠬᠢᠮ ᠦ᠋ᠳ ᠲᠦ ᠲᠥᠷᠦ ᠶ᠋ᠢᠨ ᠳᠡᠭᠡᠳᠦ ᠴᠣᠯᠠ᠂ ᠣᠳᠤᠨ᠂ ᠮᠧᠳ᠋ᠠᠯ ᠬᠦᠷᠲᠡᠭᠡᠪᠡ᠃
ᠮᠣᠩ᠋ᠭᠣᠯ ᠤᠯᠤᠰ ᠤᠨ ᠬᠣᠱᠤᠢ ᠠᠪᠤᠷᠭᠤ᠂ ᠭᠠᠪᠢᠶᠠᠲᠤ ᠮᠠᠯᠴᠢᠨ᠂ ᠤᠪᠰᠤ ᠠᠢᠢᠮᠠᠭ ᠤᠨ ᠲᠡᠰ ᠰᠤᠮᠤ ᠶ᠋ᠢᠨ ᠮᠠᠯᠴᠢᠨ ᠪᠦᠳᠡᠭᠡ ᠤᠨ ᠷᠠᠪᠠᠭ ᠲᠤ ᠮᠣᠩ᠋ᠭᠤᠯ ᠤᠯᠤᠰ ᠤᠨ ᠬᠥᠳᠡᠯᠮᠦᠷᠢ ᠶ᠋ᠢᠨ ᠪᠠᠭᠠᠲᠤᠷ ᠴᠣᠯᠠ ᠬᠦᠷᠲᠡᠭᠡᠵᠦ᠂ ᠰᠦᠬᠡᠪᠠᠭᠠᠲᠤᠷ ᠤᠨ ᠣᠳᠤᠨ᠂ ᠠᠯᠲᠠᠨ ᠰᠣᠶᠤᠨᠭᠮᠪᠤ ᠲᠡᠮᠳᠡᠭ ᠢᠢᠡᠷ ᠱᠠᠩᠨᠠᠪᠠ᠃
ᠠᠷᠠᠳ ᠤᠨ ᠵᠢᠷᠤᠭᠠᠴᠢ ᠴᠣᠯᠠ ᠪᠠᠷ:
ᠮᠣᠩ᠋ᠭᠣᠯ ᠤᠯᠤᠰ ᠤᠨ ᠤᠷᠠᠯᠢᠭ ᠤᠨ ᠭᠠᠪᠢᠶᠠᠲᠤ ᠵᠢᠳᠬᠦᠯᠲᠡᠨ᠂ ᠱᠣᠭ ᠵᠢᠷᠤᠭᠠᠴᠢ ᠴᠡᠸᠡᠭ᠍ ᠤᠨ ᠪᠠᠢᠢᠳᠢ ᠂
ᠠᠷᠠᠳ ᠤᠨ ᠡᠮᠴᠢ ᠴᠣᠯᠠ ᠪᠠᠷ:
ᠠᠨᠠᠭᠠᠬᠤ ᠶ᠋ᠢᠨ ᠰᠢᠨᠵᠢᠯᠡᢈᠦ ᠤᠬᠠᠭᠠᠨ ᠤ᠋ ᠦᠨᠳᠦᠰᠦᠨ ᠤ ᠶᠡᠬᠡ ᠰᠤᠷᠭᠠᠭᠤᠯᠢ ᠶ᠋ᠢᠨ ᠬᠠᠪᠤᠳᠠᠷ ᠰᠤᠳᠤᠯᠤᠯ ᠤᠨ ᠲᠢᠩᠬᠢᠮ ᠦ᠋ᠨ ᠵᠥᠪᠯᠡᠬᠦ ᠫᠷᠤᠹᠧᠰᠰᠤᠷ᠂ ᠬᠠᠪᠤᠳᠠᠷ ᠰᠤᠳᠤᠯᠤᠯ ᠤᠨ ᠲᠥᠪ ᠦ᠋ᠨ ᠵᠥᠪᠯᠡᠬᠦ ᠡᠮᠴᠢ᠂ ᠬᠦᠮᠦᠨ ᠤ ᠭᠠᠪᠢᠶᠠᠲᠤ ᠡᠮᠴᠢ ᠷᠦᠪᠵᠢᠷ ᠦ᠋ᠨ ᠰᠠᠩᠳᠤᠢᠢᠵᠠᠪᠠ᠂
ᠠᠵᠤ ᠦᠢᠯᠡᠳᠪᠦᠷᠢ ᠶ᠋ᠢᠨ ᠭᠠᠪᠢᠶᠠᠲᠤ ᠠᠵᠢᠯᠲᠠᠨ ᠴᠣᠯᠠ ᠪᠠᠷ:
“ᠮᠣᠩ᠋ᠭᠤᠯ ᠤᠨ ᠠᠷᠠᠰᠤ ᠰᠢᠷᠢ ᠶ᠋ᠢᠨ ᠦᠢᠯᠡᠳᠪᠦᠷᠢᠯᠡᠯ ᠦ᠋ᠨ ᠬᠣᠯᠪᠤᠭ᠎ᠠ”- ᠤ ᠤᠳᠤᠷᠢᠳᠬᠤ ᠵᠥᠪᠯᠡᠯ ᠦ᠋ᠨ ᠭᠡᠰᠢᢉᠦᠨ ᠸᠴᠢᠷᠪᠠᠲᠤ ᠶ᠋ᠢᠨ ᠷᠠᠭᠴᠠ᠂
ᠭᠠᠪᠢᠶᠠᠲᠤ ᠪᠠᠭᠰᠢ ᠴᠣᠯᠠ ᠪᠠᠷ:
ᠨᠡᠢᠢᠰᠯᠡᠯ ᠦ᠋ᠨ ᠶᠡᠷᠦᠩᠬᠡᠢ ᠪᠣᠯᠪᠠᠰᠤᠷᠠᠯ ᠤᠨ ᠑ ᠳ᠋ᠦᠭᠡᠷ ᠰᠤᠷᠭᠠᠭᠤᠯᠢ ᠶ᠋ᠢᠨ ᠮᠣᠩ᠋ᠭᠣᠯ ᠬᠡᠯᠡ᠂ ᠤᠷᠠᠨ ᠵᠣᠬᠢᠶᠠᠯ ᠤᠨ ᠠᠬᠠᠮᠠᠳ ᠪᠠᠭᠰᠢ ᠨᠠᠩᠵᠠᠳ ᠤᠨ ᠴᠡᠸᠡᠩ᠂
“ᠥᠨᠢᠷ ᠪᠦᠯᠢ” ᠬᠡᠦᠬᠡᠳ ᠦ᠋ᠨ ᠲᠥᠪ ᠦ᠋ᠨ ᠠᠬᠠᠮᠠᠳ ᠪᠠᠭᠰᠢ ᠳᠠᠸᠠ ᠶ᠋ᠢᠨ ᠳᠠᠰᠢᠳᠤᠯᠮᠠ᠂
ᠬᠥᢉᠵᠢᠯ ᠦ᠋ᠨ ᠪᠡᠷᠬᠡᠰᠢᠶᠡᠯ ᠲᠡᠢ ᠬᠡᠦᠬᠡᠳ ᠦ᠋ᠨ ᠲᠥᠯᠦᠭᠡ “ᠲᠡᢉᠦᠰ ᠪᠠᠶᠠᠰᠬᠤ” ᠲᠥ᠂ ᠪᠤ᠂ ᠪᠠ ᠢᠢᠨ ᠵᠥᠪᠯᠡᠬᠦ ᠪᠠᠭᠰᠢ ᠲᠠᠮᠵᠢᠳ ᠤᠨ ᠪᠣᠯᠤᠷᠮ ᠠ
ᠰᠢᠨᠵᠢᠯᠡᠬᠦ ᠤᠬᠠᠭᠠᠨ ᠤ᠋ ᠭᠠᠪᠢᠶᠠᠲᠤ ᠵᠢᠳᠬᠦᠯᠲᠡᠨ ᠴᠣᠯᠠ ᠪᠠᠷ:
ᠰᠢᠨᠵᠢᠯᠡᢈᠦ ᠤᠬᠠᠭᠠᠨ ᠤ᠋ ᠠᠻᠠᠳ᠋ᠧᠮᠢ ᠶ᠋ᠢᠨ ᠨᠡᠢᠢᠭᠡᠮ ᠦ᠋ᠨ ᠰᠢᠨᠵᠢᠯᠡᠬᠦ ᠤᠬᠠᠭᠠᠨ ᠤ᠋ ᠰᠠᠯᠪᠤᠷᠢ ᠵᠥᠪᠯᠡᠯ ᠦ᠋ᠨ ᠭᠡᠰᠢᢉᠦᠨ᠂ ᠳᠣᠻᠲ᠋ᠤᠷ᠂ ᠫᠷᠤᠹᠧᠰᠰᠤᠷ ᠪᠠᠯᠲᠠᠪ ᠤᠨ ᠴᠣᠭ ᠠ
ᠭᠠᠪᠢᠶᠠᠲᠤ ᠬᠠᠤᠯᠢᠴᠢ ᠴᠣᠯᠠ ᠪᠠᠷ:
“ᠬᠠᠤᠯᠢ ᠵᠦᠢ ᠶ᠋ᠢᠨ ᠲᠤᠰᠠᠯᠠᠯᠴᠠᠭ᠎ᠠ ᠲᠥᠪ”᠆ ᠶ᠋ᠢᠨ ᠥᠮᠦᠭᠡᠯᠡᢉᠴᠢ ᠳᠠᠭᠪᠠᠰᠠᠮᠪᠤᠤ ᠶ᠋ᠢᠨ ᠫᠦᠷᠪᠦᠳᠣᠷᠵᠢ᠂
ᠭᠠᠪᠢᠶᠠᠲᠤ ᠮᠠᠯᠴᠢᠨ ᠴᠣᠯᠠ ᠪᠠᠷ:
ᠳᠤᠮᠳᠠᠭᠣᠪᠢ ᠠᠢᠢᠮᠠᠭ ᠤᠨ ᠯᠤᠤᠰᠠ ᠰᠤᠮᠤ ᠶ᠋ᠢᠨ ᠮᠠᠯᠴᠢᠨ ᠰᠣᠳᠨᠠᠮ ᠤᠨ ᠪᠠᠭᠠᠲᠤᠷ᠂
ᠭᠠᠪᠢᠶᠠᠲᠤ ᠮᠧᠾᠠᠨᠢᠺᠠᠵᠢᠭᠤᠯᠤᠭᠴᠢ ᠴᠣᠯᠠ ᠪᠠᠷ:
“ᠪᠣᠭᠤᠴᠠ ᠶ᠋ᠢᠨ ᠲᠠᠷᠢᠶ ᠠ”ᠭᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠶ᠋ᠢᠨ ᠵᠠᠬᠢᠷᠤᠯ ᠰᠡᠳᠪᠠᠢᠢᠳᠤᠷ ᠤᠨ ᠪᠠᠭᠠᠲᠤᠷ᠂
ᠭᠠᠪᠢᠶᠠᠲᠤ ᠡᠳ᠋ ᠤᠨ ᠵᠠᠰᠠᠭᠴᠢ ᠴᠣᠯᠠ ᠪᠠᠷ:
“ᠬᠠᠭᠠᠨ ᠱᠣᠩᠬᠤᠷ”ᠭᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠶ᠋ᠢᠨ ᠶᠡᠷᠦᠩᠬᠡᠢ ᠨᠢᠭᠲᠠᠯᠠᠨ ᠪᠣᠳᠤᠭᠴᠢ ᠮᠠᠨᠠᠯᠵᠠᠪ ᠶ᠋ᠢᠨ ᠨᠠᠷᠠᠮᠠᠨᠳᠤᠬᠤ᠂
ᠬᠦᠮᠦᠨ ᠤ ᠭᠠᠪᠢᠶᠠᠲᠤ ᠡᠮᠴᠢ ᠴᠣᠯᠠ ᠪᠠᠷ:
“ᠰᠡᠳᠬᠢᠴᠡ ᠶ᠋ᠢᠨ ᠡᠷᠡᢉᠦᠯ ᠮᠡᠨᠳᠦ ᠶ᠋ᠢᠨ ᠦᠨᠳᠦᠰᠦᠨ ᠤ ᠲᠥᠪ”᠆ ᠤᠨ ᠠᠰᠠᠷᠠᠮᠵᠢ ᠶ᠋ᠢᠨ ᠠᠯᠪᠠᠨ ᠤ᠋ ᠳᠠᠷᠤᠭ᠎ᠠ ᠶᠠᠩᠰᠠᠨᠵᠠᠪ ᠤᠨ ᠰᠠᠮᠫᠢᠯ᠂
“ᠮᠣᠩ᠋ᠭᠤᠯ ᠤᠨ ᠮᠡᠳᠡᠷᠡᠯ ᠦ᠋ᠨ ᠮᠡᠰᠡ ᠵᠠᠰᠠᠯ ᠤᠨ ᠨᠡᠢᠢᠭᠡᠮᠯᠢᠭ᠌”᠆ ᠢᠢᠨ ᠶᠡᠷᠦᠩᠬᠡᠢᠢᠯᠡᢉᠴᠢ ᠴᠡᠪᠡᢉᠪᠠᠲᠤ ᠶ᠋ᠢᠨ ᠡᠩᠬᠡᠪᠠᠶᠠᠷ᠂
ᠰᠡᠯᠡᠩᠭᠡ ᠠᠢᠢᠮᠠᠭ ᠤᠨ “ᠡᠨᠡᠷᠢᠯᠲᠦ ᠦᠢᠯᠡᠰ” ᠡᠮᠨᠡᠯᠭᠡ ᠶ᠋ᠢᠨ ᠵᠠᠬᠢᠷᠤᠯ᠂ ᠡᠬᠡ ᠪᠠᠷᠢᠬᠤ ᠡᠮᠡᢉᠲᠡᠢᠢᠴᠦᠳ ᠦ᠋ᠨ ᠶᠡᠬᠡ ᠡᠮᠴᠢ ᠰᠣᠨᠠᠮᠳᠠᠭᠪᠠ ᠶ᠋ᠢᠨ ᠰᠠᠷᠠᠨᠲᠤᠶᠠᠭ᠎ᠠ᠂
ᠤᠷᠠᠯᠢᠭ ᠤᠨ ᠭᠠᠪᠢᠶᠠᠲᠤ ᠵᠢᠳᠬᠦᠯᠲᠡᠨ ᠴᠣᠯᠠ ᠪᠠᠷ:
ᠨᠡᠢᠢᠰᠯᠡᠯ ᠦ᠋ᠨ ᠰᠣᠶᠤᠯ ᠤᠨ ᠲᠥᠪ ᠥᠷᢉᠦᠭᠡᠨ ᠤ ᠵᠠᠬᠢᠷᠤᠯ᠂ ᠳᠠᠭᠤᠷᠢ ᠶ᠋ᠢᠨ ᠳᠠᠭᠤᠴᠢᠨ ᠳᠠᠰᠢᠳᠠᠮᠪᠠ ᠶ᠋ᠢᠨ ᠠᠷᠢᠭᠤᠨᠪᠠᠭᠠᠲᠤᠷ᠂
“ᠬᠤᠯᠤᠰᠤᠨ ᠴᠢᠪᠬ ᠠ”ᠭᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠶ᠋ᠢᠨ ᠵᠠᠬᠢᠷᠤᠯ᠂ ᠤᠷᠠᠨ ᠳᠠᠷᠬᠠᠨ᠂ ᠤᠷᠠᠨ ᠪᠠᠷᠢᠮᠠᠯᠴᠢ ᢉᠦᠷᠦᠰᠡᠳ ᠦ᠋ᠨ ᠡᠩᠬᠡᠲᠥ᠋ᠷᠦ᠂
ᠰᠦᠬᠡᠪᠠᠭᠠᠲᠤᠷ ᠤᠨ ᠣᠳᠤᠨ ᠢᠢᠠᠷ:
ᠤᠪᠰᠤ ᠠᠢᠢᠮᠠᠭ ᠤᠨ ᠳᠠᠪᠤᠰᠤᠲᠤ ᠰᠤᠮᠤ ᠶ᠋ᠢᠨ ᠠᠬᠠᠮᠠᠳ ᠨᠠᠰᠤᠲᠠᠨ ᠶᠤᠮᠵᠢᠶᠠ ᠶ᠋ᠢᠨ ᠵᠢᠪᠵᠤᠨ ᠨᠠᠷ ᠢ ᠱᠠᠩᠨᠠᠯ ᠠ᠃
ᠮᠣᠩ᠋ᠭᠣᠯ ᠤᠯᠤᠰ ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠲᠥᠷᠦ ᠶ᠋ᠢᠨ ᠳᠡᠭᠡᠳᠦ ᠴᠣᠯᠠ᠂ ᠣᠳᠤᠨ᠂ ᠮᠧᠳ᠋ᠠᠯ ᠬᠦᠷᠲᠡᢉᠰᠡᠨ ᠡᠷᠬᠢᠮ ᠦ᠋ᠳ ᠪᠣᠯᠤᠨ ᠲᠡᠳᠡᠨ ᠤ ᠭᠡᠷ ᠪᠦᠯᠢ᠂ ᠦᠷ᠎ᠡ ᠬᠡᠦᠬᠡᠳ ᠦ᠋ᠳ᠂ ᠬᠠᠮᠲᠤ ᠣᠯᠠᠨ ᠳ᠋ᠤ ᠨᠢ ᠰᠠᠢᠢᠨ ᠰᠠᠢᠢᠬᠠᠨ ᠪᠦᠬᠦᠨ ᠢ᠋ ᠬᠦᠰᠡᠨ ᠢᠷᠦᠭᠡᠪᠡ᠃