Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠪᠦᠭᠥᠳᠡ ᠨᠠᠢᠢᠷᠠᠮᠳᠠᠬᠤ ᠲᠦᠷᠻ ᠤᠯᠤᠰ ᠲᠤ ᠡᠭᠥᠷᠭᠡ ᠭᠥᠢᠴᠡᠳᠬᠡᠵᠦ ᠪᠠᠢᠢᠭ᠎ᠠ ᠠᠯᠪᠠ ᠬᠠᠭᠠᠭᠴᠢᠳ ᠲᠠᠢ ᠴᠠᠬᠢᠮ  ᠢᠢᠠᠠᠷ ᠬᠣᠯᠪᠤᠭᠳᠠᠪᠠ

ᠮᠣᠩ᠋ᠭᠣᠯ ᠤᠯᠤᠰ  ᠤᠨ ᠶᠡᠷᠦᠩᠬᠡᠢᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨᠳ᠋ᠯᠠᠭᠴᠢ ᠤᠬᠤᠨ᠎ᠠ ᠶ᠋ᠢᠨ ᠬᠦᠷᠡᠯᠰᠤᠢᠬᠡ ᠪᠦᢉᠦᠳᠡ ᠨᠠᠢᠢᠷᠠᠮᠳᠠᠬᠤ ᠲᠦᠷᠻ ᠤᠯᠤᠰ ᠲᠤ ᠡᠷᠢᠨ ᠬᠠᠢᠢᠬᠤ᠂ ᠠᠪᠤᠷᠠᠬᠤ᠂ ᠡᠮᠨᠡᠯᠭᠡ ᠶ᠋ᠢᠨ ᠲᠤᠰᠠᠯᠠᠮᠵᠢ᠂ ᠦᠢᠯᠡᠴᠢᠯᠡᠭᠡ ᠪᠣᠯᠤᠨ ᠬᠦᠮᠦᠨᠯᠢᠭ  ᠤᠨ ᠲᠤᠰᠠᠯᠠᠮᠵᠢ ᠦᠵᠡᢉᠦᠯᠵᠦ ᠪᠠᠢᠢᠭ᠎ᠠ ᠠᠯᠪᠠ ᠬᠠᠭᠠᠭᠴᠢᠳ ᠲᠠᠢ ᠴᠠᠬᠢᠮ  ᠢᠢᠠᠷ ᠬᠣᠯᠪᠤᠭᠳᠠᠪᠠ᠃

ᠣᠨᠴᠤᠭᠤᠢ ᠪᠠᠢᠢᠳᠠᠯ  ᠤᠨ ᠶᠡᠷᠦᠩᠬᠡᠢ ᠭᠠᠵᠠᠷ  ᠤᠨ ᠳᠡᠳ᠋ ᠳᠠᠷᠤᠭ᠎ᠠ᠂ ᠪᠷᠢᠭᠠᠳ᠋  ᠤᠨ ᢉᠧᠨᠧᠷᠠᠯ ᠪ᠂ ᠤᠤᠭ᠋ᠠᠨᠨᠪᠠᠶᠠᠷ ᠒᠐᠒᠓ ᠣᠨ ᠤ᠋ ᠐᠒ ᠳ᠋ᠤᠭᠠᠷ ᠰᠠᠷ᠎ᠠ ᠶ᠋ᠢᠨ ᠐᠘᠆ ᠤ ᠡᠳᠦᠷ ᠡᠴᠡ ᠬᠣᠢᠢᠰᠢ ᢉᠦᠢᠢᠴᠡᠳᠬᠡᢉᠰᠡᠨ ᠡᢉᠦᠷᠭᠡ᠂ ᠴᠠᠭ  ᠤᠨ ᠨᠥᠬᠦᠴᠡᠯ ᠪᠠᠢᠢᠳᠠᠯ  ᠤᠨ ᠲᠠᠯ ᠠ ᠪᠡᠷ ᠢᠯᠡᠳᠬᠡᠪᠡ᠃

ᠮᠣᠩ᠋ᠭᠤᠯ ᠤᠯᠤᠰ  ᠤᠨ ᠪᠠᠭ ᠨᠡᠢᠢᠲᠡ ᠨᠠᠢᠮᠠᠨ ᠬᠦᠮᠦᠨ /ᠡᢉᠦᠨ ᠡᠴᠡ ᠭᠤᠷᠪᠠᠨ ᠬᠡᠦᠬᠡᠳ/᠆  ᠢ ᠨᠤᠷᠠᠩᢉᠢ ᠳᠣᠣᠷ᠎ᠠ ᠠ᠋ᠴᠠ ᠭᠠᠷᠭᠠᠨ ᠡᠮᠨᠡᠯᠭᠡ ᠶ᠋ᠢᠨ ᠠᠩᠬᠠᠨ ᠤ᠋ ᠲᠤᠰᠠᠯᠠᠮᠵᠢ ᠦᠵᠡᢉᠦᠯᠦᠨ᠂ ᠑᠙ ᠬᠦᠮᠦᠨ /ᠡᢉᠦᠨ ᠡᠴᠡ ᠵᠢᠷᠭᠤᠭᠠᠨ ᠬᠡᠦᠬᠡᠳ/  ᠤ ᠴᠣᠭᠴᠠᠰ ᠢ᠋ ᠭᠠᠷᠭᠠᠭᠰᠠᠨ ᠪᠠᠢᠢᠨ᠎ᠠ᠃

ᠬᠤᠷᠠᠩᠳᠠ ᠵ᠂ ᠰᠦᠬᠡ ᠆ ᠸᠴᠢᠷ  ᠢᠢᠠᠷ ᠠᠬᠠᠯᠠᠭᠤᠯᠤᠭᠰᠠᠨ ᠴᠡᠷᠢᠭ  ᠤᠨ ᠑᠑ ᠠᠯᠪᠠ ᠬᠠᠭᠠᠭᠴᠢ ᠶ᠋ᠢᠨ ᠪᠦᠷᠢᠯᠳᠦᠬᠦᠨ ᠲᠡᠢ ᠡᠮᠨᠡᠯᠭᠡ ᠶ᠋ᠢᠨ ᠪᠠᠭ ᠗᠒ ᠬᠡᠦᠬᠡᠳ᠂ ᠓᠕᠙ ᠡᠷᠡᢉᠲᠡᠢ᠂ ᠒᠑᠘ ᠡᠮᠡᢉᠲᠡᠢ᠂ ᠨᠡᠢᠢᠲᠡ ᠖᠔᠙ ᠬᠦᠮᠦᠨ ᠳ᠋ᠦ ᠡᠮᠨᠡᠯᠭᠡ ᠶ᠋ᠢᠨ ᠠᠩᠬᠠᠨ ᠪᠣᠯᠤᠨ ᠯᠠᠪᠯᠠᠭ᠎ᠠ ᠱᠠᠲᠤᠨ ᠤ᠋ ᠲᠤᠰᠠᠯᠠᠮᠵᠢ᠂ ᠦᠢᠯᠡᠴᠢᠯᠡᠭᠡ ᠦᠵᠡᢉᠦᠯᠵᠡᠢ᠃

ᠬᠦᠨᠳᠦ ᠬᠡᠴᠡᢉᠦᠦ ᠴᠠᠭ ᠲᠤ ᠲᠤᠰᠠᠯᠠᠮᠵᠢ ᠶ᠋ᠢᠨ ᠭᠠᠷ  ᠢᠢᠠᠨ ᠰᠤᠩ᠋ᠭᠠᠵᠤ᠂ ᠬᠠᠮᠲᠤᠷᠠᠨ ᠠᠵᠢᠯᠯᠠᠵᠤ ᠪᠠᠢᠢᠭᠠᠳ ᠪᠦᢉᠦᠳᠡ ᠨᠠᠢᠢᠷᠠᠮᠳᠠᠬᠤ ᠲᠦᠷᠻ ᠤᠯᠤᠰ  ᠤᠨ ᠬᠣᠯᠪᠤᠭᠳᠠᠬᠤ ᠪᠠᠢᠢᠭᠤᠯᠤᠯᠭ᠎ᠠ ᠨᠤᠭᠤᠳ  ᠤᠨ ᠤᠳᠤᠷᠢᠳᠤᠯᠭ᠎ᠠ ᠨᠤᠭᠤᠳ ᠮᠣᠩ᠋ᠭᠣᠯ ᠤᠯᠤᠰ  ᠤᠨ ᠲᠥᠷᠦ᠂ ᠵᠠᠰᠠᠭ᠂ ᠠᠷᠠᠳ ᠲᠦᠮᠡᠨ ᠳ᠋ᠦ ᠴᠢᠩ ᠰᠡᠳᠬᠢᠯ ᠦ᠋ᠨ ᠲᠠᠯᠠᠷᠬᠠᠯ ᠢᠯᠡᠷᠬᠡᠢᠢᠯᠡᢉᠰᠡᠨ ᠢ᠋ ᠪᠠᠭ  ᠤᠨ ᠠᠬᠠᠯᠠᠭᠴᠢ᠂ ᠪᠷᠢᠭᠠᠳ᠋  ᠤᠨ ᢉᠧᠨᠧᠷᠠᠯ ᠪ᠂ ᠤᠤᠭ᠋ᠠᠠᠨᠪᠠᠶᠠᠷ ᠤᠯᠠᠮᠵᠢᠯᠠᠪᠠ᠃

ᠮᠣᠩ᠋ᠭᠣᠯ ᠤᠯᠤᠰ  ᠤᠨ ᠡᠷᠢᠨ ᠬᠠᠢᠢᠬᠤ᠂ ᠠᠪᠤᠷᠠᠬᠤ ᠪᠠᠭ  ᠤᠨ ᠡᢉᠦᠷᠭᠡ ᢉᠦᠢᠢᠴᠡᠳᠬᠡᠵᠦ ᠪᠠᠢᠢᠭ᠎ᠠ ᠬᠠᠲ᠋ᠠᠢ ᠮᠤᠵᠢ ᠶ᠋ᠢᠨ ᠠᠨᠲ᠋ᠠᠻᠢᠶ᠎ᠠ ᠬᠣᠲᠠ ᠳ᠋ᠤ ᠬᠦᠨᠳᠦ ᠲᠧᠻᠨᠢᠭ  ᠢᠢᠡᠷ ᠪᠠᠷᠢᠯᠭ᠎ᠠ ᠶ᠋ᠢᠨ ᠨᠤᠷᠠᠨᠭᠭᠢ ᠢ᠋ ᠴᠡᠪᠡᠷᠯᠡᠵᠦ ᠵᠠᠢᠢᠯᠠᠭᠤᠯᠬᠤ᠂ ᠰᠡᠷᢉᠦᠭᠡᠨ ᠪᠣᠰᠬᠠᠬᠤ ᠠᠵᠢᠯᠯᠠᠭ᠎ᠠ ᠡᠬᠢᠯᠡᠭᠡᠳ ᠪᠠᠢᠢᠨ᠎ᠠ᠃

ᠭᠡᠰᠡᠨ ᠴᠤ ᠡᠷᠴᠢᠮ ᠬᠦᠴᠦ᠂ ᠳᠤᠯᠠᠭᠠᠨ ᠬᠠᠩ᠋ᠭᠠᠮᠵᠢ᠂ ᠢᠨ᠋ᠲ᠋ᠧᠷᠨᠧᠲ ᠰᠦᠯᠵᠢᠶ᠎ᠡ ᠲᠠᠰᠤᠷᠠᠭᠰᠠᠨ᠂ ᠨᠡᠢᠢᠲᠡ ᠪᠠᠷᠢᠯᠭ᠎ᠠ ᠪᠠᠢᠢᠭᠤᠯᠤᠮᠵᠢ ᠶ᠋ᠢᠨ ᠙᠐ ᠣᠷᠴᠢᠮ ᠬᠤᠪᠢ ᠨᠢ ᠨᠤᠷᠠᠵᠤ ᠰᠦᠢᠳᠦᢉᠰᠡᠨ᠂ ᠭᠠᠵᠠᠷ ᠬᠥᠳᠡᠯᠦᠯᠲᠡ ᠶ᠋ᠢᠨ ᠴᠡᠴᠡᠷᠬᠢᠯᠡᠯ ᠲᠠᠰᠤᠷᠠᠭ᠎ᠠ ᠥᠭᠡᠢ᠂ ᠨᠤᠷᠠᠩᢉᠢ ᠳ᠋ᠤ ᠥᠷᠲᠦᠬᠦ ᠡᠷᠦᠰᠳᠡᠯ ᠥᠨᠳᠦᠷ ᠪᠠᠢᠢᠨ᠎ᠠ᠃