Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠤᠢᠬᠡ ᠶ᠋ᠢᠨ XVII ᠵᠢᠷᠠᠨ ᠤ “ᠦᠵᠡᠰᠬᠦᠯᠡᠩ ᠪᠣᠯᠭᠠᠭᠴᠢ” ᠬᠡᠮᠡᠬᠦ ᠤᠰᠤᠨ ᠲᠠᠤᠯᠠᠢ ᠵᠢᠯ ᠤᠨ ᠰᠠᠷ᠎ᠠ ᠰᠢᠨ᠎ᠡ ᠶ᠋ᠢᠨ ᠮᠡᠨᠳᠦᠴᠢᠯᠡᠭᠡ

“ᠡᠷᠬᠢᠮ ᠬᠦᠨᠳᠦᠲᠦ ᠠᠷᠠᠳ ᠢᠷᠭᠡᠳ ᠡ᠂

ᠡᠯᠢᠭᠡ ᠨᠢᠭᠡᠲᠦ ᠮᠣᠩ᠋ᠭᠣᠯ ᠠᠬᠠᠨ ᠳᠡᢉᠦᠰ ᠡ᠂

ᠲᠠ ᠪᠦᠬᠦᠨ ᠳ᠋ᠦ ᠪᠡᠨ XVII ᠳ᠋ᠤᠭᠠᠷ ᠵᠢᠷᠠᠨ ᠤ᠋ “ᠦᠵᠡᠰᠬᠦᠯᠡᠩ ᠪᠣᠯᠭᠠᠭᠴᠢ” ᠬᠡᠮᠡᠬᠦ ᠤᠰᠤᠨ ᠲᠠᠤᠯᠠᠢ ᠵᠢᠯ ᠦ᠋ᠨ ᠰᠠᠷ᠎ᠠ ᠰᠢᠨ᠎ᠡ ᠶ᠋ᠢᠨ ᠪᠠᠶᠠᠷ  ᠤᠨ ᠮᠡᠨᠳᠦ ᠶ᠋ᠢ ᠡᠷᢉᠦᠨ ᠳᠡᠪᠰᠢᢉᠦᠯᠦᠶ᠎ᠡ!

ᠮᠣᠩ᠋ᠭᠣᠯ  ᠤᠨ ᠴᠠᠭᠠᠨ ᠰᠠᠷ᠎ᠠ ᠪᠣᠯ ᠾᠢᠦᠩᠨᠦ ᢉᠦᠷᠦᠨ ᠤ ᠦᠶ᠎ᠡ ᠡᠴᠡ ᠬᠦᠨᠳᠦᠳᠬᠡᠨ ᠶᠣᠰᠤᠯᠠᠵᠤ ᠢᠷᠡᢉᠰᠡᠨ᠂ ᠮᠣᠩ᠋ᠭᠤᠯᠴᠤᠳ ᠪᠢᠳᠡᠨ ᠤ ᠣᠶᠤᠨ ᠰᠠᠨᠠᠭᠠᠨ ᠤ᠋ ᠳᠠᠷᠬᠠᠯᠠᠭ᠎ᠠ᠂ ᠨᠡᢉᠦᠳᠡᠯ ᠦ᠋ᠨ ᠰᠣᠶᠤᠯ ᠢᠷᠭᠡᠨᠰᠢᠯ ᠦ᠋ᠨ ᠦᠨᠡᠲᠦ ᠥᠪ᠂ ᠶᠣᠰᠤ ᠵᠠᠩᠰᠢᠯ᠂ ᠡᠪ ᠨᠢᠭᠡᠳᠦᠯ᠂ ᠢᠷᠦᠭᠡᠯ ᠪᠡᠯᠭᠡᠳᠡᠯ ᠦ᠋ᠨ ᠣᠬᠢ ᠰᠢᠮ᠎ᠡ ᠪᠣᠯᠤᠭᠰᠠᠨ ᠥᠨᠢ ᠡᠷᠲᠡᠨ ᠤ ᠤᠯᠠᠮᠵᠢᠯᠠᠯ ᠲᠠᠢ ᠦᠨᠳᠦᠰᠦᠨ ᠤ ᠶᠡᠬᠡ ᠪᠠᠶᠠᠷ ᠶᠣᠰᠤᠯᠠᠯ ᠪᠢᠯᠡ᠃

ᠶᠡᠬᠡ ᠡᠵᠡᠨ ᠴᠢᠩᢉᠢᠰ ᠬᠠᠭᠠᠨ ᠲᠥᠷᠦ ᠤᠯᠤᠰ  ᠤᠨ  ᠢᠢᠠᠨ ᠰᠦᠷ ᠬᠦᠴᠦ ᠶ᠋ᠢ ᠲᠤᠩᠬᠠᠭᠯᠠᠨ ᠵᠠᠷᠯᠠᠵᠤ᠂ ᠬᠠᠪᠤᠷ  ᠤᠨ ᠲᠡᠷᠢᢉᠦᠨ ᠪᠠᠷᠰ ᠰᠠᠷ᠎ᠠ ᠶ᠋ᠢ ᠵᠢᠯ ᠦ᠋ᠨ ᠡᠬᠢᠨ ᠬᠡᠮᠡᠨ ᠲᠣᠭᠲᠠᠭᠠᠵᠤ᠂ ᠮᠣᠩ᠋ᠭᠣᠯ ᠲᠦᠮᠡᠨ ᠤ ᠡᠷᠲᠡ᠂ ᠡᠳᠦᠭᠡ᠂ ᠢᠷᠡᠭᠡᠳᠦᠢ ᠭᠤᠷᠪᠠᠨ ᠴᠠᠭ  ᠤᠨ ᠠᠯᠲᠠᠨ ᠬᠡᠯᠬᠢᠶ᠎ᠡ ᠪᠣᠯᠤᠭᠰᠠᠨ ᠴᠠᠭ ᠲᠣᠭᠠᠯᠠᠯ  ᠤᠨ ᠪᠡᠯᠭᠡᠳᠡᠯ ᠴᠠᠭᠠᠨ ᠰᠠᠷ᠎ᠠ ᠶ᠋ᠢ ᠲᠥᠷᠦᠲᠦ ᠶᠣᠰᠤᠨ ᠤ᠋ ᠶᠡᠬᠡ ᠪᠠᠶᠠᠷ ᠶᠣᠰᠤᠯᠠᠯ ᠪᠣᠯᠭᠠᠨ ᠲᠡᠮᠳᠡᢉᠯᠡᠵᠦ᠂ ᠴᠠᠳᠢᠭ ᠲᠡᠦᠬᠡ ᠶ᠋ᠢ ᠡᠬᠢᠯᠡᢉᠦᠯᠦᢉᠰᠡᠨ ᠲᠡᠦᠬᠡ ᠲᠡᠢ᠃

“ᠮᠡᠨᠳᠦᠯᠡᠬᠦ ᠭᠡᠳᠡᠭ ᠮᠥᠩᠬᠡ ᠶ᠋ᠢᠨ ᠶᠣᠰᠤ᠂ ᠬᠦᠨᠳᠦᠯᠡᠬᠦ ᠭᠡᠳᠡᠭ ᠬᠦᠮᠦᠨ ᠤ ᠶᠣᠰᠤ” ᠬᠡᠮᠡᠨ ᠪᠢᠳᠡᠨ ᠤ ᠡᠪᠦᠭᠡ ᠳᠡᠭᠡᠳᠦᠰ ᠰᠤᠷᠭᠠᠵᠤ ᠢᠷᠡᢉᠰᠡᠨ᠃

ᠡᠪ ᠡᠶ᠎ᠡ ᠶ᠋ᠢᠨ ᠪᠡᠯᠭᠡᠳᠡᠯ ᠢᠷᠡᠵᠦ ᠪᠤᠢ ᠲᠠᠤᠯᠠᠢ ᠵᠢᠯ ᠮᠣᠩ᠋ᠭᠤᠯᠴᠤᠳ ᠪᠢᠳᠡᠨ ᠤ ᠬᠤᠪᠢ ᠳ᠋ᠤ ᠠᠵᠢᠯ ᠠᠮᠢᠳᠤᠷᠠᠯ ᠪᠤᠴᠠᠯᠤᠭᠰᠠᠨ᠂ ᠠᠮᠵᠢᠯᠲᠠ ᠪᠦᠲᠦᠭᠡᠯ ᠤᠨᠳᠤᠷᠤᠭᠰᠠᠨ᠂ ᠶᠡᠬᠡ ᠪᠦᠲᠦᠭᠡᠨ ᠪᠠᠢᠢᠭᠤᠯᠤᠯᠲᠠ ᠥᠷᠨᠢᢉᠰᠡᠨ᠂ ᠡᠳ᠋  ᠤᠨ ᠵᠠᠰᠠᠭ ᠰᠡᠷᢉᠦᢉᠰᠡᠨ ᠬᠥᢉᠵᠢᠯ᠂ ᠳᠡᠪᠰᠢᠯ ᠦ᠋ᠨ ᠵᠢᠯ ᠪᠠᠢᠢᠬᠤ ᠪᠣᠯᠤᠨ᠎ᠠ᠃

ᠰᠠᠷ᠎ᠠ ᠰᠢᠨ᠎ᠡ ᠶ᠋ᠢᠨ ᠪᠠᠶᠠᠷ  ᠤᠨ ᠡᠨᠡ ᠡᠳᠦᠷ ᠡᠷᢉᠢᠬᠦ ᠳᠥᠷᠪᠡᠨ ᠤᠯᠠᠷᠢᠯ ᠳ᠋ᠤ ᠡᠷᠳᠡᠨᠢᠲᠦ ᠰᠦᠷᠦᠭ  ᠢᠢᠡᠨ ᠬᠠᠷᠢᠭᠤᠯᠠᠵᠤ᠂ ᠡᠷᠲᠡᠨ ᠤ ᠲᠡᠦᠬᠡᠲᠦ ᠮᠣᠩ᠋ᠭᠣᠯ  ᠤᠨ  ᠢᠢᠠᠨ ᠥᠪ ᠤᠯᠠᠮᠵᠢᠯᠠᠯ ᠢ᠋ ᠲᠡᠭᠡᠭᠡᠵᠦ ᠢᠷᠡᢉᠰᠡᠨ ᠮᠠᠯᠴᠢᠨ ᠣᠯᠠᠨ ᠲᠦᠮᠡᠨ ᠳ᠋ᠦ ᠪᠡᠨ ᠡᠪᠦᠯ ᠢ᠋ ᠥᠩᠲᠡᠢ ᠳᠠᠪᠠᠵᠤ᠂ ᠤᠷᠢᠨ ᠬᠠᠪᠤᠷ ᠲᠠᠢ ᠤᠴᠠᠷᠠᠨ ᠵᠣᠯᠭᠠᠭᠰᠠᠨ ᠤ᠋ ᠪᠠᠶᠠᠷ  ᠤᠨ ᠮᠡᠨᠳᠦ ᠶ᠋ᠢ ᠠᠢᠢᠯᠠᠳᠬᠠᠵᠤ᠂ ᠲᠥᠯ ᠪᠦᠷᠢᠨ᠂ ᠰᠦᠷᠦᠭ ᠲᠠᠷᠭᠤᠨ ᠬᠠᠪᠤᠷᠵᠢᠵᠤ᠂ ᠳᠡᠯᠭᠡᠷ ᠵᠤᠨ ᠲᠠᠢ ᠵᠣᠯᠭᠠᠬᠤ ᠶ᠋ᠢᠨ ᠥᠯᠵᠡᠢᠢᠲᠡᠢ ᠰᠠᠢᠢᠬᠠᠨ ᠢᠷᠦᠭᠡᠯ ᠢ᠋ ᠡᠷᠭᠥᠨ ᠳᠡᠪᠰᠢᢉᠦᠯᠦᠶ᠎ᠡ᠃
XVII ᠳ᠋ᠤᠭᠠᠷ ᠵᠢᠷᠠᠨ ᠤ᠋ “ᠦᠵᠡᠰᠬᠦᠯᠡᠩ ᠪᠣᠯᠭᠠᠭᠴᠢ” ᠬᠡᠮᠡᠬᠦ ᠤᠰᠤᠨ ᠲᠠᠤᠯᠠᠢ ᠵᠢᠯ ᠳ᠋ᠦ ᠪᠡᠨ ᠰᠠᠷᠠᠭᠤᠯ ᠤᠬᠠᠭᠠᠨᠲᠤ᠂ ᠥᠨᠳᠦᠷ ᠵᠠᠶᠠᠭᠠᠲᠤ ᠮᠣᠩ᠋ᠭᠣᠯ ᠲᠦᠮᠡᠨ ᠮᠢᠨᠢ ᠰᠡᠳᠬᠢᠯ ᠲᠡᠨᠢᠭᠡᠷ᠂ ᠪᠡᠶ᠎ᠡ ᠡᠷᠡᢉᠦᠯ᠂ ᠪᠢᠯᠢᠭ᠌ ᠬᠤᠷᠴᠠ᠂ ᠠᠵᠠ ᠬᠡᠢᠢᠮᠤᠷᠢ᠂ ᠠᠮᠵᠢᠯᠲᠠ ᠪᠦᠲᠦᠭᠡᠯ  ᠢᠢᠡᠷ ᠲᠡᢉᠰᠢ ᠳᠦᢉᠦᠷᠡᠩ ᠪᠠᠢᠢᠬᠤ ᠪᠣᠯᠲᠤᠭᠠᠢ᠃

ᠲᠩᠷᠢ ᠰᠢᠭ᠌  ᠢᠢᠡᠨ ᠲᠡᠨᠢᢉᠦᠨ ᠰᠡᠳᠬᠢᠯᠲᠡᠢ᠂ ᠲᠠᠯ᠎ᠠ ᠰᠢᠭ᠌  ᠢᠢᠠᠨ ᠠᠭᠤᠵᠢᠮ ᠤᠬᠠᠭᠠᠨᠲᠠᠢ ᠵᠣᠨ ᠣᠯᠠᠨ ᠤ᠋ ᠮᠢᠨᠢ ᠵᠠᠶᠠᠭ᠎ᠠ ᠪᠤᠶᠠᠨ ᠳᠡᠯᠭᠡᠷᠡᠵᠦ᠂ ᠥᠷᠭᠡᠨ ᠲᠦᠮᠡᠨ ᠤ ᠮᠢᠨᠢ ᠴᠣᠭ ᠬᠡᠢᠢᠮᠤᠷᠢ ᠪᠠᠳᠠᠷᠠᠵᠤ᠂ ᠲᠦᠮᠡᠨ ᠣᠯᠠᠨ ᠎ ᠢᠢᠠᠷ  ᠢᠢᠠᠨ ᠲᠥᠪᠰᠢᠨ ᠠᠮᠤᠭᠤᠯᠠᠩ ᠪᠠᠢᠢᠵᠤ ᠰᠠᠷ᠎ᠠ ᠰᠢᠨ᠎ᠡ ᠳ᠋ᠦ ᠪᠡᠨ ᠰᠠᠢᠢᠬᠠᠨ ᠰᠢᠨᠡᠯᠡᠭᠡᠷᠡᠢ᠃

ᠮᠥᠩᠬᠡ ᠲᠩᠷᠢ ᠶ᠋ᠢᠨ ᠬᠦᠴᠦᠨ ᠳ᠋ᠣᠷ᠎ ᠮᠣᠩ᠋ᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ᠃”