XVII ᠵᠢᠷᠠᠨ ᠤ᠋ “ᠦᠵᠡᠰᠬᠦᠯᠡᠩ ᠪᠣᠯᠭᠠᠭᠴᠢ” ᠬᠡᠮᠡᠬᠦ ᠤᠰᠤᠨ ᠲᠠᠤᠯᠠᠢ ᠵᠢᠯ ᠦ᠋ᠨ ᠬᠠᠪᠤᠷ ᠤᠨ ᠲᠡᠷᠢᢉᠦᠨ ᠰᠠᠷ᠎ᠠ ᠶ᠋ᠢᠨ ᠰᠢᠨ᠎ᠡ ᠶ᠋ᠢᠨ ᠨᠢᠭᠡᠨ ᠤ ᠥᠷᠯᠦᠭᠡ ᠐᠙:᠐᠐ ᠴᠠᠭ ᠲᠤ ᠮᠣᠩ᠋ᠭᠣᠯ ᠤᠯᠤᠰ ᠤᠨ ᠶᠡᠷᠦᠩᠬᠡᠶᠢᠯᠡᢉᠴᠢ ᠤᠬᠤᠨ᠎ᠠ ᠶ᠋ᠢᠨ ᠬᠦᠷᠡᠯᠰᠦ᠋ᠬᠡ ᠲᠥᠷᠦ ᠶ᠋ᠢᠨ ᠶᠢᠰᠦᠨ ᠬᠥᠯᠲᠦ ᠴᠠᠭᠠᠨ ᠲᠤᠭᠤᠨ ᠳ᠋ᠤ ᠬᠦᠨᠳᠦᠳᠬᠡᠯ ᠦᠵᠡᢉᠦᠯᠪᠡ᠃
ᠳᠠᠷᠠᠭ᠎ᠠ ᠨᠢ ᠤ᠂ ᠶᠡ᠂ ᠬᠤ᠂ ᠆ ᠤᠨ ᠳᠠᠷᠤᠭ᠎ᠠ ᠭᠣᠮᠪᠤᠵᠠᠪ ᠤᠨ ᠽᠠᠨᠳᠠᠨᠰᠢᠲᠠᠷ᠎ᠠ᠂ ᠮᠣᠩ᠋ᠭᠣᠯ ᠤᠯᠤᠰ ᠤᠨ ᠶᠡᠷᠦᠩᠬᠡᠢ ᠰᠠᠶᠢᠳ ᠯᠤᠪᠰᠠᠩᠨᠠᠮᠰᠠᠷᠠᠢ ᠶ᠋ᠢᠨ ᠣᠶᠤᠨ- ᠡᠷᠳᠡᠨᠢ ᠨᠠᠷ ᠠᠯᠳᠠ ᠴᠡᠩᠬᠡᠷ ᠬᠠᠳᠠᠭ ᠳᠡᠯᠭᠡᠨ ᠲᠥᠷᠦ ᠶ᠋ᠢᠨ ᠲᠡᠷᠢᢉᠦᠨ ᠤ ᠠᠮᠤᠷ ᠮᠡᠨᠳᠦ ᠶ᠋ᠢ ᠡᠷᠢᠨ ᠵᠣᠯᠭᠤᠪᠠ᠃
ᠲᠥᠷᠦ ᠶ᠋ᠢᠨ ᠵᠣᠯᠭᠠᠯᠲᠠ ᠶ᠋ᠢᠨ ᠳᠠᠷᠠᠭ᠎ᠠ ᠠᠷᠠᠳ ᠤᠨ ᠵᠦᠵᠦᠭᠡᠴᠢᠨ᠂ ᠮᠣᠩ᠋ᠭᠣᠯ ᠤᠯᠤᠰ ᠤᠨ ᠰᠣᠶᠤᠯ ᠤᠨ ᠭᠠᠪᠢᠶᠠᠲᠤ ᠵᠢᠳᠬᠦᠯᠲᠡᠨ᠂ ᠢᠷᠦᠭᠡᠯᠴᠢ᠂ ᠮᠠᠭᠲᠠᠭᠠᠯᠴᠢ ᠴᠡ᠂ ᠴᠡᠷᠢᠩᠳᠣᠷᠵᠢ ᠲᠥᠷᠦ ᠶ᠋ᠢᠨ ᠬᠠᠨ ᠬᠠᠭᠤᠷ ᠢ᠋ ᠡᠭᠡᠰᠢᢉᠯᠡᢉᠦᠯᠪᠡ᠃
ᠲᠥᠷᠦ ᠶ᠋ᠢᠨ ᠬᠠᠨ ᠬᠠᠭᠤᠷᠤᠨ ᠳ᠋ᠤ:
“ᠬᠠᠨ ᠬᠠᠭᠤᠷ ᠢᠢᠠᠨ ᠴᠡᠩᠭᠡᢉᠦᠯᠦᠨ ᠪᠠᠶᠠᠰᠤᠭᠤᠯᠤᠶᠠ᠃
ᠬᠠᠶᠢᠷᠠᠲᠤ ᠡᠬᠡ ᠣᠷᠤᠨ᠂ ᠡᠷᠬᠡᠲᠦ ᠲᠦᠮᠡᠨ ᠳ᠋ᠦ ᠪᠡᠨ ᠳᠠᠭᠤᠷᠢᠰᠬᠠᠶᠠ᠃
ᠵᠡ ᠬᠥ᠂ ᠲᠡᢉᠦᠯᠳᠡᠷ ᠮᠣᠩ᠋ᠭᠣᠯ ᠣᠷᠤᠨ ᠤ᠋ ᠬᠢ ᠪᠠᠨ
ᠲᠥᠷᠦ ᠶ᠋ᠢᠨ ᠮᠠᠭᠲᠠᠭᠠᠯ ᠢ᠋ ᠠᠶᠠᠯᠭᠤᠯᠠᠨ ᠠᠶᠢᠯᠠᠳᠬᠠᠶ ᠠ
ᠡᠬᠡ ᠣᠷᠤᠨ ᠲᠤᠰᠠᠭᠠᠷ ᠲᠣᠭᠲᠠᠨᠢᠯ ᠢᠢᠠᠨ
ᠡᠷᠬᠢᠮ ᠲᠥᠷᠦ ᠪᠡᠨ᠂ ᠲᠠᠮᠠᠭ᠎ᠠ᠂ ᠰᠦᠯᠳᠤ ᠪᠡᠨ
ᠠᠯᠲᠠᠨ ᠰᠣᠶᠤᠨᠭ᠍ᠪᠤᠲᠤ ᠳᠠᠯᠪᠠᠭ᠎ᠠ ᠪᠠᠨ
ᠠᠭᠤᠤ ᠵᠢᠪᠬᠤᠯᠠᠩᠲᠤ ᠲᠥᠷᠦ ᠶ᠋ᠢᠨ ᠰᠦᠯᠳᠤ ᠪᠡᠨ
ᠡᠴᠢᠭᠡ ᠲᠩᠷᠢ᠂ ᠡᠬᠡ ᠭᠠᠵᠠᠷ ᠲᠤ ᠪᠠᠨ
ᠡᠵᠡᠨ ᠶᠡᠬᠡ ᠴᠢᠩᢉᠢᠰ ᠬᠠᠭᠠᠨ ᠳ᠋ᠤ ᠪᠠᠨ
ᠶᠢᠰᠦᠨ ᠴᠠᠭᠠᠨ ᠲᠤᠭᠤᠨ ᠳ᠋ᠤ ᠪᠠᠨ
ᠰᠦᠰᠦᠯᠦᠨ ᠳᠡᠭᠡᠳᠦᠯᠡᠵᠦ ᠳᠠᠭᠠᠳᠬᠠᠶ ᠠ” ᠬᠡᠮᠡᠨ ᠮᠣᠷᠢᠨ ᠤ᠋ ᠶᠠᠪᠤᠳᠠᠯ ᠠᠶᠠᠯᠭᠤ ᠡᠭᠡᠰᠢᢉᠯᠡᢉᠰᠡᠨ ᠤ ᠳᠠᠷᠠᠭ᠎ᠠ ᠭᠤᠷᠪᠠᠨᠲᠠ ᠤᠤᠬᠠᠶᠢᠯᠠᠪᠠ᠃
ᠮᠥᠨ ᠮᠣᠩ᠋ᠭᠤᠯ ᠤᠨ ᠪᠤᠷᠬᠠᠨ ᠱᠠᠰᠢᠨᠲᠠᠨ ᠤ᠋ ᠲᠥᠪ ᠭᠠᠩᠳᠠᠨᠲᠡᢉᠴᠢᠨᠯᠢᠨ ᠬᠡᠶᠢᠳ ᠦ᠋ᠨ ᠲᠡᠷᠢᢉᠦᠨ ᠬᠠᠩᠪᠤ ᠯᠠᠮᠠ᠂ ᠭᠠᠪᠠᠵᠤ ᠳᠠ᠂ ᠴᠣᠶᠢᠵᠠᠮᠴᠣ ᠮᠣᠩ᠋ᠭᠣᠯ ᠤᠯᠤᠰ ᠤᠨ ᠶᠡᠷᠦᠩᠬᠡᠶᠢᠯᠡᢉᠴᠢ᠂ ᠤ᠂ ᠶᠡ᠂ ᠬᠤ ᠆ ᠤᠨ ᠳᠠᠷᠤᠭ᠎ᠠ᠂ ᠮᠣᠩ᠋ᠭᠣᠯ ᠤᠯᠤᠰ ᠤᠨ ᠶᠡᠷᠦᠩᠬᠡᠢ ᠰᠠᠶᠢᠳ ᠨᠠᠷ ᠲᠤ ᠵᠣᠯᠭᠠᠵᠤ᠂ ᠤᠰᠤᠨ ᠲᠠᠤᠯᠠᠢ ᠵᠢᠯ ᠦ᠋ᠨ ᠥᠩᠭᠡ ᠶ᠋ᠢ ᠬᠡᠯᠡᠯᠴᠡᠪᠡ᠃