ᠮᠣᠩ᠋ᠭᠤᠯ ᠤᠯᠤᠰ ᠤᠨ ᠶᠡᠷᠦᠩᠬᠡᠢᠢᠯᠡᢉᠴᠢ ᠶ᠋ᠢᠨ ᠢᠪᠡᠭᠡᠯ ᠳᠤᠣᠷ ᠠ ᠒᠐᠒᠓ ᠣᠨ ᠤ᠋ ᠐᠓ ᠳ᠋ᠤᠭᠠᠷ ᠰᠠᠷ᠎ᠠ ᠶ᠋ᠢᠨ ᠐᠓- ᠤ ᠡᠳᠦᠷ ᠲᠥᠷᠦ ᠶ᠋ᠢᠨ ᠣᠷᠳᠤᠨ ᠳ᠋ᠤ “ᠬᠦᠨᠡᠰᠦ᠂ ᠬᠥᠳᠡᠭᠡ ᠠᠵᠤ ᠠᠬᠤᠢ ᠶ᠋ᠢᠨ ᠰᠠᠯᠪᠤᠷᠢ ᠶ᠋ᠢᠨ ᠪᠠᠶᠠᠯᠢᠭ ᠪᠦᠲᠦᠭᠡᢉᠴᠢᠳ ᠦ᠋ᠨ ᠵᠥᠪᠯᠡᠭᠡᠨ” ᠪᠣᠯᠤᠨ᠎ᠠ᠃
ᠵᠥᠪᠯᠡᠭᠡᠨ ᠨᠢ ᠮᠣᠩ᠋ᠭᠣᠯ ᠤᠯᠤᠰ ᠤᠨ ᠶᠡᠷᠦᠩᠬᠡᠢᠢᠯᠡᢉᠴᠢ ᠶ᠋ᠢᠨ ᠰᠠᠨᠠᠭᠠᠴᠢᠯᠠᠨ ᠬᠡᠷᠡᢉᠵᠢᢉᠦᠯᠵᠦ ᠪᠤᠢ “ᠬᠦᠨᠡᠰᠦᠨ ᠤ ᠬᠠᠩ᠋ᠭᠠᠮᠵᠢ᠂ ᠠᠶᠤᠯ ᠦᠭᠡᠢ ᠪᠠᠢᠢᠳᠠᠯ” ᠦᠨᠳᠦᠰᠦᠨ ᠤ ᠬᠥᠳᠡᠯᠭᠡᠭᠡᠨ ᠢ᠋ ᠡᠷᠴᠢᠮᠵᠢᢉᠦᠯᠬᠦ ᠬᠦᠷᠢᠶᠡᠨ ᠳ᠋ᠦ ᠪᠠᠶᠠᠯᠢᠭ ᠪᠦᠲᠦᠭᠡᢉᠴᠢᠳ ᠦ᠋ᠨ ᠰᠠᠨᠠᠯ ᠪᠣᠳᠤᠯ ᠢ᠋ ᠨᠢ ᠰᠣᠨᠤᠰᠤᠨ᠂ ᠴᠢᠨᠠᠭᠰᠢᠳᠠ ᠶ᠋ᠢᠨ ᠪᠣᠳᠤᠯᠭ᠎ᠠ᠂ ᠰᠢᠢᠳᠪᠦᠷᠢ ᠳᠦ ᠪᠡᠨ ᠨᠠᠷᠢᠪᠴᠢᠯᠠᠨ ᠲᠤᠰᠬᠠᠬᠤ ᠵᠣᠷᠢᠯᠭ᠎ᠠ ᠲᠠᠢ ᠶᠤᠮ᠃
ᠵᠥᠪᠯᠡᠭᠡᠨ ᠢᠢᠡᠷ:
“ᠬᠦᠨᠡᠰᠦ᠂ ᠬᠥᠳᠡᠭᠡ ᠠᠵᠤ ᠠᠬᠤᠢ ᠶ᠋ᠢᠨ ᠰᠠᠯᠪᠤᠷᠢ ᠶ᠋ᠢᠨ ᠡᠷᠬᠡ ᠵᠦᠢ ᠶ᠋ᠢᠨ ᠰᠢᠨᠡᠴᠢᠯᠡᠯᠲᠡ᠂ ᠥᠭᠡᠷᠡᠴᠢᠯᠡᠯᠲᠡ”᠂
“ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶ᠋ᠢᠨ ᠰᠠᠯᠪᠤᠷᠢ ᠳᠤ ᠬᠡᠷᠡᢉᠵᠢᢉᠦᠯᠦᢉᠰᠡᠨ ᠠᠵᠢᠯ᠂ ᠴᠢᠨᠠᠭᠰᠢᠳᠠ ᠠᠪᠬᠤ ᠠᠷᠭ᠎ᠠ ᠬᠡᠮᠵᠢᠶ ᠡ”᠂
“ᠬᠦᠨᠡᠰᠦᠨ ᠤ ᠦᠢᠯᠡᠳᠪᠦᠷᠢᠯᠡᠯ᠂ ᠮᠠᠯ ᠠᠵᠤ ᠠᠬᠤᠢ᠂ ᠭᠠᠵᠠᠷ ᠲᠠᠷᠢᠶᠠᠯᠠᠩ ᠤᠨ ᠰᠠᠯᠪᠤᠷᠢ ᠶ᠋ᠢᠨ ᠰᠠᠩᠬᠦᠵᠢᠯᠲᠡ”᠂
“ᠦᠨᠳᠦᠰᠦᠨ ᠤ ᠦᠢᠯᠡᠳᠪᠦᠷᠢᠯᠡᠯ ᠪᠠ ᠡᠻᠰᠫᠤᠷᠲ”᠂ “ᠰᠦᠨ᠂ ᠰᠦᠨ ᠪᠦᠲᠦᠭᠡᢉᠳᠡᠬᠦᠨ ᠤ ᠬᠠᠩ᠋ᠭᠠᠮᠵᠢ᠂ ᠦᠢᠯᠡᠳᠪᠦᠷᠢᠯᠡᠯ”᠂
“ᠬᠦᠯᠡᠮᠵᠢ ᠶ᠋ᠢᠨ ᠠᠵᠤ ᠠᠬᠤᠢ ᠶ᠋ᠢᠨ ᠦᠢᠯᠡᠳᠪᠦᠷᠢᠯᠡᠯ ᠢ᠋ ᠨᠡᠮᠡᢉᠳᠡᢉᠦᠯᠬᠦ᠂ ᠰᠢᠨ᠎ᠡ ᠤᠷᠭᠤᠴᠠ ᠶ᠋ᠢᠨ ᠨᠣᠭᠤᠭ᠎ᠠ ᠪᠠᠷ ᠲᠣᠭᠲᠠᠪᠤᠷᠢ ᠲᠠᠢ ᠬᠠᠩ᠋ᠭᠠᠬᠤ”᠂
“ᠲᠠᠬᠢᠶᠠᠨ ᠤ᠋ ᠠᠵᠤ ᠠᠬᠤᠢ ᠶ᠋ᠢᠨ ᠦᠢᠯᠡᠳᠪᠦᠷᠢᠯᠡᠯ ᠪᠠ ᠬᠦᠮᠦᠨ ᠠᠮᠠ ᠶ᠋ᠢᠨ ᠬᠦᠨᠡᠰᠦᠨ ᠤ ᠬᠠᠩ᠋ᠭᠠᠮᠵᠢ ᠳ᠋ᠠᠬᠢ ᠣᠷᠤᠯᠴᠠᠭ ᠠ” ᠵᠡᠷᠭᠡ ᠰᠡᠳᠦᠪ ᠢᠢᠡᠷ ᠢᠯᠡᠳᠬᠡᠯ ᠰᠣᠨᠤᠰᠤᠨ᠎ᠠ᠃
ᠮᠥᠨ ᠬᠦᠨᠡᠰᠦᠨ ᠤ ᠬᠠᠩ᠋ᠭᠠᠮᠵᠢ᠂ ᠠᠶᠤᠯ ᠦᠭᠡᠢ ᠪᠠᠢᠢᠳᠠᠯ ᠢ᠋ ᠬᠠᠩ᠋ᠭᠠᠬᠤ ᠳ᠋ᠤ ᠲᠥᠷᠦ᠂ ᠬᠤᠪᠢ ᠶ᠋ᠢᠨ ᠬᠡᠪᠰᠢᠯ ᠦ᠋ᠨ ᠣᠷᠤᠯᠴᠠᠭ᠎ᠠ ᠶᠠᠮᠠᠷ ᠪᠠᠢᠢᠬᠤ ᠲᠠᠯ ᠠ ᠪᠠᠷ ᠬᠡᠯᠡᠯᠴᠡᢉᠦᠯᠭᠡ ᠥᠷᠨᠢᢉᠦᠯᠬᠦ ᠶᠤᠮ᠃
ᠵᠥᠪᠯᠡᠭᠡᠨ ᠢ᠋ ᠮᠣᠩ᠋ᠭᠣᠯ ᠤᠯᠤᠰ ᠤᠨ ᠶᠡᠷᠦᠩᠬᠡᠢᠢᠯᠡᢉᠴᠢ ᠶ᠋ᠢᠨ ᠲᠠᠮᠠᠭ᠎ᠠ ᠶ᠋ᠢᠨ ᠭᠠᠵᠠᠷ᠂ ᠬᠦᠨᠡᠰᠦ᠂ ᠬᠥᠳᠡᠭᠡ ᠠᠵᠤ ᠠᠬᠤᠢ᠂ ᠬᠥᠩᠭᠡᠨ ᠦᠢᠯᠡᠳᠪᠦᠷᠢ ᠶ᠋ᠢᠨ ᠶᠠᠮᠤᠨ ᠬᠠᠮᠲᠤᠷᠠᠨ ᠵᠣᠬᠢᠶᠠᠨ ᠪᠠᠢᠢᠭᠤᠯᠵᠤ ᠪᠠᠢᠢᠨ᠎ᠠ᠃
᠒᠐᠒᠓ ᠣᠨ ᠤ᠋ ᠐᠓ ᠳ᠋ᠤᠭᠠᠷ ᠰᠠᠷ᠎ᠠ ᠶ᠋ᠢᠨ ᠐᠓- ᠤ ᠡᠳᠦᠷ ᠮᠥᠨ “ᠡᠬᠡ ᠣᠷᠤᠨᠴᠢ ᠬᠤᠳᠠᠯᠳᠤᠨ ᠠᠪᠤᠯᠲᠠ ᠦᠨᠳᠦᠰᠦᠨ ᠤ ᠦᠢᠯᠡᠳᠪᠦᠷᠢᠯᠡᠯ ᠒᠐᠒᠓” ᠦᠵᠡᠰᠬᠦᠯᠡᠩ ᠮᠣᠩ᠋ᠭᠤᠯ ᠤᠨ ᠦᠨᠳᠦᠰᠦᠨ ᠤ ᠬᠤᠳᠠᠯᠳᠤᠭ᠎ᠠ ᠠᠵᠤ ᠦᠢᠯᠡᠳᠪᠦᠷᠢ ᠶ᠋ᠢᠨ ᠲᠠᠩᢈᠢᠮ ᠳ᠋ᠤ ᠪᠣᠯᠤᠨ᠎ᠠ᠃ ᠦᠵᠡᠰᠬᠦᠯᠡᠩ ᠳ᠋ᠦ ᠑᠐᠐ ᠣᠷᠴᠢᠮ ᠦᠨᠳᠦᠰᠦᠨ ᠤ ᠦᠢᠯᠡᠳᠪᠦᠷᠢᠯᠡᢉᠴᠢ᠂ ᠕᠐ ᠭᠠᠷᠤᠢ ᠲᠥᠷᠦ ᠶ᠋ᠢᠨ ᠪᠠᠢᠢᠭᠤᠯᠤᠯᠭ᠎ᠠ ᠶ᠋ᠢᠨ ᠲᠥᠯᠦᠭᠡᠯᠡᠯ ᠣᠷᠤᠯᠴᠠᠬᠤ ᠶᠤᠮ᠃