ᠮᠣᠩ᠋ᠭᠤᠯ ᠤᠯᠤᠰ ᠤᠨ ᠶᠡᠷᠦᠩᠬᠡᠢᠢᠯᠡᢉᠴᠢ ᠶ᠋ᠢᠨ ᠰᠠᠨᠠᠭᠠᠴᠢᠯᠭ᠎ᠠ ᠪᠠᠷ “ᠡᠬᠡ ᠣᠷᠤᠨᠴᠢ ᠬᠤᠳᠠᠯᠳᠤᠨ ᠠᠪᠤᠯᠲᠠ ᠦᠨᠳᠦᠰᠦᠨ ᠤ ᠦᠢᠯᠡᠳᠪᠦᠷᠢᠯᠡᠯ ᠒᠐᠒᠓” ᠦᠵᠡᠰᠬᠦᠯᠡᠩ ᠢ᠋ ᠮᠣᠩ᠋ᠭᠤᠯ ᠤᠨ ᠦᠨᠳᠦᠰᠦᠨ ᠤ ᠬᠤᠳᠠᠯᠳᠤᠭ᠎ᠠ ᠠᠵᠤ ᠦᠢᠯᠡᠳᠪᠦᠷᠢ ᠶ᠋ᠢᠨ ᠲᠠᠩᠬᠢᠮ ᠤᠨ ᠶᠡᠬᠡ ᠲᠠᠩᠬᠢᠮ ᠳ᠋ᠤ ᠵᠣᠬᠢᠶᠠᠨ ᠪᠠᠢᠢᠭᠤᠯᠵᠤ ᠪᠠᠢᠢᠨ᠎ᠠ᠃
ᠦᠵᠡᠰᠬᠦᠯᠡᠩ ᠨᠢ ᠳᠣᠲᠤᠭᠠᠳᠤ ᠶ᠋ᠢᠨ ᠦᠢᠯᠡᠳᠪᠦᠷᠢ ᠡᠷᠬᠢᠯᠡᢉᠴᠢᠳ ᠢ᠋ ᠲᠥᠷᠦ ᠶ᠋ᠢᠨ ᠬᠤᠳᠠᠯᠳᠤᠨ ᠠᠪᠤᠯᠲᠠ ᠪᠠᠷ ᠳᠡᠮᠵᠢᠬᠦ᠂ ᠲᠥᠷᠦ ᠶ᠋ᠢᠨ ᠪᠣᠯᠤᠨ ᠣᠷᠤᠨ ᠨᠤᠲᠤᠭ ᠤᠨ ᠥᠮᠴᠢ ᠶ᠋ᠢᠨ ᠪᠠᠢᠢᠭᠤᠯᠤᠯᠭ᠎ᠠ ᠨᠤᠭᠤᠳ ᠲᠠᠢ ᠬᠣᠯᠪᠤᠬᠤ᠂ ᠪᠠᠷᠠᠭ᠎ᠠ ᠪᠦᠲᠦᠭᠡᢉᠳᠡᠬᠦᠨ ᠢ᠋ ᠨᠢ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠲᠠᠢ ᠶᠤᠮ᠃
ᠦᠵᠡᠰᠬᠦᠯᠡᠩ ᠳ᠋ᠦ ᠲᠥᠷᠦ ᠶ᠋ᠢᠨ ᠕᠐ ᠭᠠᠷᠤᠢ ᠪᠠᠢᠢᠭᠤᠯᠤᠯᠭ᠎ᠠ ᠳᠣᠲᠤᠭᠠᠳᠤ ᠶ᠋ᠢᠨ ᠦᠢᠯᠡᠳᠪᠦᠷᠢ ᠡᠴᠡ ᠬᠤᠳᠠᠯᠳᠤᠨ ᠠᠪᠳᠠᠭ ᠪᠠᠷᠠᠭ᠎ᠠ ᠪᠦᠲᠦᠭᠡᢉᠳᠡᠬᠦᠨ ᠪᠣᠯᠤᠨ ᠒᠐᠒᠓ ᠣᠨ ᠤ᠋ ᠬᠤᠳᠠᠯᠳᠤᠨ ᠠᠪᠬᠤ ᠠᠵᠢᠯᠯᠠᠭᠠᠨ ᠤ᠋ ᠲᠥᠯᠦᠪᠯᠡᠭᠡ ᠪᠡᠨ ᠲᠠᠨᠢᠯᠴᠠᠭᠤᠯᠤᠯ᠎ᠠ᠃ ᠮᠥᠨ ᠑᠐᠐ ᠭᠠᠷᠤᠢ ᠦᠢᠯᠡᠳᠪᠦᠷᠢ ᠡᠷᠬᠢᠯᠡᢉᠴᠢ ᠲᠥᠷᠦ ᠶ᠋ᠢᠨ ᠬᠤᠳᠠᠯᠳᠤᠨ ᠠᠪᠤᠯᠲᠠ ᠳ᠋ᠤ ᠨᠡᠢᠢᠯᠡᢉᠦᠯᠬᠦ ᠪᠣᠯᠤᠮᠵᠢ ᠲᠠᠢ ᠪᠠᠷᠠᠭ᠎ᠠ ᠪᠦᠲᠦᠭᠡᢉᠳᠡᠬᠦᠨ ᠢᠢᠡᠨ ᠲᠣᠯᠢᠯᠠᠭᠤᠯᠵᠤ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠦᠵᠡᠰᠬᠦᠯᠡᠩ ᠦ᠋ᠨ ᠨᠡᠭᠡᠭᠡᠯᠲᠡ ᠳ᠋ᠦ ᠣᠷᠤᠯᠴᠠᠬᠤ ᠳ᠋ᠤ ᠪᠠᠨ᠂ “ᠦᠢᠯᠡᠳᠪᠦᠷᠢᠯᠡᢉᠴᠢ᠂ ᠪᠠᠶᠠᠯᠢᠭ ᠪᠦᠲᠦᠭᠡᢉᠴᠢ ᠣᠷᠤᠨ” ᠪᠣᠯᠵᠤ᠂ ᠡᠳ᠋ ᠤᠨ ᠵᠠᠰᠠᠭ ᠤᠨ ᠲᠤᠰᠠᠭᠠᠷ ᠲᠣᠭᠲᠠᠨᠢᠯ ᠢᠢᠠᠨ ᠪᠠᠲᠤᠳᠬᠠᠨ ᠪᠡᠬᠢᠵᠢᢉᠦᠯᠬᠦ ᠳ᠋ᠦ ᠦᠨᠳᠦᠰᠦᠨ ᠤ ᠦᠢᠯᠡᠳᠪᠦᠷᠢᠯᠡᢉᠴᠢᠳ ᠦ᠋ᠨ ᠬᠢᠴᠢᠶᠡᠯ ᠵᠢᠳᠬᠦᠯ᠂ ᠬᠦᠴᠦᠨ ᠴᠢᠷᠮᠠᠢᠢᠯᠲᠠ ᠴᠢᠬᠤᠯᠠ ᠡᢉᠦᠷᠭᠡ ᠲᠡᠢ ᠶ᠋ᠢ ᠲᠡᠮᠳᠡᢉᠯᠡᠪᠡ᠃
ᠦᠢᠯᠡᠳᠪᠦᠷᠢᠯᠡᢉᠴᠢᠳ ᠪᠦᠲᠦᠭᠡᢉᠳᠡᠬᠦᠨ᠂ ᠦᠢᠯᠡᠴᠢᠯᠡᠭᠡᠨ ᠤ ᠪᠡᠨ ᠥᠷᠢᠰᠦᠯᠳᠦᠬᠦ ᠴᠢᠳᠠᠪᠤᠷᠢ ᠶ᠋ᠢ ᠰᠠᠢᠢᠵᠢᠷᠠᠭᠤᠯᠵᠤ᠂ ᠴᠢᠨᠠᠷ᠂ ᠰᠲ᠋ᠠᠨᠳ᠋ᠠᠷᠲ᠋ ᠤᠨ ᠱᠠᠭᠠᠷᠳᠠᠯᠭ᠎ᠠ ᠬᠠᠩ᠋ᠭᠠᠬᠤ ᠱᠠᠭᠠᠷᠳᠠᠯᠭ᠎ᠠ ᠪᠠᠢᠢᠭ᠎ᠠ ᠶ᠋ᠢ ᠬᠡᠯᠡᠪᠡ᠃
ᠮᠥᠨ ᠬᠦᠮᠦᠨ ᠪᠦᠷᠢ ᠦᠨᠳᠦᠰᠦᠨ ᠤ ᠦᠢᠯᠡᠳᠪᠦᠷᠢᠯᠡᠯ ᠢᠢᠡᠨ ᠳᠡᠮᠵᠢᠵᠦ᠂ ᠡᠬᠡ ᠣᠷᠤᠨᠴᠢ ᠬᠡᠷᠡᢉᠯᠡᢉᠴᠢ ᠪᠠᠢᠢᠬᠤ ᠶ᠋ᠢ ᠤᠷᠢᠶᠠᠯᠠᠯ᠎ᠠ᠃ ᠒᠐᠑᠕ ᠣᠨ ᠳ᠋ᠤ ᠲᠥᠷᠦ ᠶ᠋ᠢᠨ ᠪᠣᠯᠤᠨ ᠣᠷᠤᠨ ᠨᠤᠲᠤᠭ ᠤᠨ ᠥᠮᠴᠢ ᠶ᠋ᠢᠨ ᠬᠥᠷᠦᠩᠭᠡ ᠪᠡᠷ ᠳᠣᠲᠤᠭᠠᠳᠤ ᠶ᠋ᠢᠨ ᠦᠢᠯᠡᠳᠪᠦᠷᠢ ᠡᠴᠡ ᠖᠐ ᠭᠠᠷᠤᠢ ᠲᠡᠷᠪᠤᠮ ᠲᠥᢉᠦᠷᠢᠭ᠌ ᠤᠨ ᠪᠠᠷᠠᠭ᠎ᠠ᠂ ᠦᠢᠯᠡᠴᠢᠯᠡᠭᠡ ᠬᠤᠳᠠᠯᠳᠤᠨ ᠠᠪᠤᠭᠰᠠᠨ ᠪᠣᠯ ᠒᠐᠑᠖ ᠣᠨ ᠳ᠋ᠤ ᠑᠔᠗᠂᠕ ᠲᠡᠷᠪᠤᠮ᠂ ᠒᠐᠑᠗ ᠣᠨ ᠳ᠋ᠤ ᠑᠘᠗᠂᠖ ᠲᠡᠷᠪᠤᠮ᠂ ᠒᠐᠑᠙ ᠣᠨ ᠳ᠋ᠤ ᠒᠒᠕᠂᠑ ᠲᠡᠷᠪᠤᠮ ᠲᠥᢉᠦᠷᠢᠭ᠌ ᠪᠣᠯᠵᠤ ᠥᠰᠴᠡᠢ᠃