Та "Internet explorer"-ийн сүүлийн хувилбар болох "Microsoft edge"-г ашиглана уу

Хэрэв "Microsoft edge"-г татах бол энд дарж татаж авна уу

ᠠᠷᠠᠪ  ᠤᠨ ᠨᠢᠭᠡᠳᠦᢉᠰᠡᠨ ᠧᠮᠢᠷᠠᠲᠤ ᠤᠯᠤᠰ ᠤᠨ ᠰᠢᠳᠠᠷ ᠰᠠᠢᠢᠳ ᠪᠥᠭᠡᠳ ᠶᠡᠷᠦᠩᠬᠡᠢᠢᠯᠡᢉᠴᠢ ᠶ᠋ᠢᠨ ᠣᠷᠳᠤᠨ ᠤ ᠠᠰᠠᠭᠤᠳᠠᠯ ᠡᠷᠬᠢᠯᠡᢉᠰᠡᠨ ᠱᠧᠢᠢᠬᠢ ᠡᠷᠬᠢᠮ ᠳᠡᠭᠡᠳᠦ ᠱᠧᠢᠢᠬᠢ ᠮᠠᠨᠰᠦᠷ ᠪᠢᠨ ᠽᠠᠢᠢᠳ᠋ ᠠᠯᠢ‍ ᠨᠠᠬᠢᠶᠠᠨ ᠲᠠᠢ ᠠᠭᠤᠯᠵᠠᠪᠠ

ᠮᠣᠩ᠋ᠭᠣᠯ ᠤᠯᠤᠰ  ᠤᠨ ᠶᠡᠷᠦᠩᠬᠡᠢᠢᠯᠡᢉᠴᠢ ᠶ᠋ᠢᠨ ᠲᠠᠮᠠᠭ᠎ᠠ ᠶ᠋ᠢᠨ ᠭᠠᠵᠠᠷ  ᠤᠨ ᠳᠠᠷᠤᠭ᠎ᠠ ᠶᠠ‍᠂ ᠰᠣᠳᠤᠪᠠᠭᠠᠲᠤᠷ ᠠᠷᠠᠪ  ᠤᠨ ᠨᠢᠭᠡᠳᠦᢉᠰᠡᠨ ᠧᠮᠢᠷᠠᠲᠤ ᠤᠯᠤᠰ ᠲᠤ ᠒᠐᠒᠓ ᠣᠨ ᠤ᠋ ᠓ ᠳ᠋ᠤᠭᠠᠷ ᠰᠠᠷ᠎ᠠ ᠶ᠋ᠢᠨ ᠐᠑᠆᠐᠓- ᠤ᠋ ᠡᠳᠦᠷ ᠦ᠋ᠳ ᠲᠦ ᠠᠵᠢᠯ  ᠤᠨ ᠠᠢᠢᠯᠴᠢᠯᠠᠯ ᠬᠢᠬᠦ ᠦᠶ᠎ᠡ ᠪᠡᠷ  ᠢᠢᠡᠨ ᠲᠤᠰ ᠤᠯᠤᠰ  ᠤᠨ ᠰᠢᠳᠠᠷ ᠰᠠᠢᠢᠳ ᠪᠥᠭᠡᠳ ᠶᠡᠷᠦᠩᠬᠡᠢᠢᠯᠡᢉᠴᠢ ᠶ᠋ᠢᠨ ᠣᠷᠳᠤᠨ ᠤ᠋ ᠠᠰᠠᠭᠤᠳᠠᠯ ᠡᠷᠬᠢᠯᠡᢉᠰᠡᠨ ᠰᠠᠢᠢᠳ ᠡᠷᠬᠢᠮ ᠳᠡᠭᠡᠳᠦ ᠱᠧᠢᠢᠬᠢ ᠮᠠᠨᠰᠤᠷ ᠪᠢᠨ ᠽᠠᠢᠢᠳ᠋ ᠠᠯᠢ ᠨᠠᠬᠢᠶᠠᠨ ᠆ ᠲᠠᠢ ᠠᠭᠤᠯᠵᠠᠵᠤ᠂ ᠬᠣᠶᠠᠷ ᠣᠷᠤᠨ ᠤ᠋ ᠬᠠᠷᠢᠯᠴᠠᠭ᠎ᠠ᠂ ᠬᠠᠮᠲᠤ ᠶ᠋ᠢᠨ ᠠᠵᠢᠯᠯᠠᠭᠠᠨ ᠤ᠋ ᠠᠰᠠᠭᠤᠳᠠᠯ  ᠤᠳ  ᠢᠢᠠᠷ ᠰᠠᠨᠠᠯ ᠰᠣᠯᠢᠯᠴᠠᠪᠠ᠃

ᠲᠠᠯ᠎ᠠ  ᠤᠳ ᠬᠣᠶᠠᠷ ᠣᠷᠤᠨ ᠤ᠋ ᠤᠯᠤᠰ ᠲᠥᠷᠦ ᠶ᠋ᠢᠨ ᠰᠠᠢᠢᠨ ᠬᠠᠷᠢᠯᠴᠠᠭᠠᠨ ᠳ᠋ᠤ ᠲᠤᠯᠭᠠᠭᠤᠷᠯᠠᠨ ᠬᠤᠳᠠᠯᠳᠤᠭ᠎ᠠ᠂ ᠡᠳ᠋  ᠤᠨ ᠵᠠᠰᠠᠭ᠂ ᠬᠥᠷᠦᠩᠭᠡ ᠣᠷᠤᠭᠤᠯᠤᠯᠲᠠ᠂ ᠳᠡᠳ᠋ ᠪᠦᠲᠦᠴᠡ᠂ ᠬᠥᠳᠡᠭᠡ ᠠᠵᠤ ᠠᠬᠤᠢ ᠪᠣᠯᠤᠨ ᠪᠠᠢᠢᠭᠠᠯᠢ ᠣᠷᠴᠢᠨ᠂ ᠠᠭᠤᠷ ᠠᠮᠢᠰᠬᠤᠯ  ᠤᠨ ᠥᠭᠡᠷᠡᠴᠢᠯᠡᠯᠲᠡ᠂ ᠨᠣᠭᠤᠭᠠᠨ ᠬᠥᢉᠵᠢᠯ᠂ ᠰᠡᠷᢉᠦᠭᠡᢉᠳᠡᠬᠦ ᠡᠷᠴᠢᠮ ᠬᠦᠴᠦ᠂ ᠰᠢᠨ᠎ᠡ ᠲᠧᠾᠨᠢᠭ ᠲᠧᠻᠨᠤᠯᠤᢉᠢ᠂ ᠠᠶᠠᠯᠠᠯ ᠵᠢᠭᠤᠯᠴᠢᠯᠠᠯ  ᠤᠨ ᠴᠢᢉᠯᠡᠯ ᠳ᠋ᠦ ᠬᠠᠷᠢᠯᠴᠠᠨ ᠠᠰᠢᠭᠲᠠᠢ ᠬᠠᠮᠲᠤ ᠶ᠋ᠢᠨ ᠠᠵᠢᠯᠯᠠᠭ᠎ᠠ ᠶ᠋ᠢ ᠬᠥᢉᠵᠢᢉᠦᠯᠬᠦ ᠪᠣᠯᠤᠮᠵᠢ ᠨᠤᠭᠤᠳ  ᠤᠨ ᠲᠠᠯ᠎ᠠ ᠪᠠᠷ ᠶᠠᠷᠢᠯᠴᠠᠪᠠ᠃

ᠡᠳ᠋  ᠤᠨ ᠵᠠᠰᠠᠭ᠂ ᠬᠥᠷᠦᠩᠭᠡ ᠣᠷᠤᠭᠤᠯᠤᠯᠲᠠ᠂ ᠬᠤᠳᠠᠯᠳᠤᠭᠠᠨ ᠤ᠋ ᠬᠠᠮᠲᠤ ᠶ᠋ᠢᠨ ᠠᠵᠢᠯᠯᠠᠭ᠎ᠠ ᠶ᠋ᠢ ᠰᠤᠳᠤᠯᠭᠠᠨ ᠳᠡᠭᠡᠷ᠎ᠡ ᠲᠤᠯᠭᠠᠭᠤᠷᠢᠯᠠᠨ ᠬᠥᢉᠵᠢᢉᠦᠯᠬᠦ ᠲᠠᠯ᠎ᠠ ᠪᠠᠷ ᠶᠠᠷᠢᠯᠴᠠᠵᠤ᠂ ᠠᠷᠠᠪ  ᠤᠨ ᠨᠢᠭᠡᠳᠦᢉᠰᠡᠨ ᠧᠮᠢᠷᠠᠲᠤ ᠤᠯᠤᠰ ᠤᠨ ᠵᠠᠰᠠᠭ  ᠤᠨ ᠭᠠᠵᠠᠷ  ᠤᠨ ᠭᠡᠰᠢᢉᠦᠨ  ᠢᠢᠡᠷ ᠠᠬᠠᠯᠠᠭᠤᠯᠤᠭᠰᠠᠨ ᠠᠵᠢᠯ  ᠤᠨ ᠬᠡᠰᠡᠭ ᠮᠣᠩ᠋ᠭᠣᠯ ᠤᠯᠤᠰ ᠲᠤ ᠣᠢᠢᠷ᠎ᠠ ᠶ᠋ᠢᠨ ᠦᠶ᠎ᠡ ᠳ᠋ᠦ ᠠᠢᠢᠯᠴᠢᠯᠠᠵᠤ᠂ ᠮᠠᠨ ᠤ᠋ ᠤᠯᠤᠰ  ᠤᠨ ᠬᠥᠷᠦᠩᠭᠡ ᠣᠷᠤᠭᠤᠯᠤᠯᠲᠠ ᠶ᠋ᠢᠨ ᠣᠷᠴᠢᠨ ᠲᠠᠢ ᠲᠠᠨᠢᠯᠴᠠᠨ ᠬᠠᠷᠢᠯᠴᠠᠨ ᠠᠰᠢᠭᠲᠠᠢ ᠬᠠᠮᠲᠤᠷᠠᠨ ᠬᠡᠷᠡᢉᠵᠢᢉᠦᠯᠵᠦ ᠪᠣᠯᠬᠤ ᠲᠥᠰᠦᠯ᠂ ᠬᠥᠲᠦᠯᠪᠦᠷᠢ ᠨᠦᢉᠦᠳ ᠦ᠋ᠨ ᠲᠠᠯ᠎ᠠ ᠪᠠᠷ ᠰᠤᠳᠤᠯᠭ᠎ᠠ ᠬᠢᠬᠦ ᠪᠡᠷ ᠲᠣᠬᠢᠷᠠᠯᠴᠠᠯ᠎ᠠ᠃

ᠮᠥᠨ ᠬᠣᠶᠠᠷ ᠣᠷᠤᠨ ᠤ᠋ ᠨᠠᠢᠢᠷᠰᠠᠭ ᠬᠠᠷᠢᠯᠴᠠᠭ᠎ᠠ᠂ ᠬᠠᠮᠲᠤ ᠶ᠋ᠢᠨ ᠠᠵᠢᠯᠯᠠᠭ᠎ᠠ ᠶ᠋ᠢ ᠤᠷᠤᠭᠰᠢᠯᠠᠭᠤᠯᠬᠤ ᠳ᠋ᠤ ᠳᠡᠭᠡᠳᠦ᠂ ᠥᠨᠳᠦᠷ ᠬᠡᠮᠵᠢᠶᠡᠨ ᠤ ᠠᠢᠢᠯᠴᠢᠯᠠᠯ ᠴᠢᠬᠤᠯᠠ ᠠᠴᠢ ᠬᠣᠯᠪᠤᠭᠳᠠᠯ ᠲᠠᠢ ᠪᠣᠯᠬᠤ ᠶ᠋ᠢ ᠳᠤᠷᠠᠳᠪᠠ᠃

ᠮᠣᠩ᠋ᠭᠣᠯ ᠤᠯᠤᠰ  ᠤᠨ ᠶᠡᠷᠦᠩᠬᠡᠢᠢᠯᠡᢉᠴᠢ ᠶ᠋ᠢᠨ ᠲᠠᠮᠠᠭ᠎ᠠ ᠶ᠋ᠢᠨ ᠭᠠᠵᠠᠷ  ᠤᠨ ᠳᠠᠷᠤᠭ᠎ᠠ ᠶᠠ‍᠂ ᠰᠣᠳᠤᠪᠠᠭᠠᠲᠤᠷ ᠡᠷᠬᠢᠮ ᠳᠡᠭᠡᠳᠦ ᠱᠧᠢᠢᠬᠢ ᠮᠠᠨᠰᠦᠷ ᠪᠢᠨ ᠽᠠᠢᠢᠳ᠋ ᠠᠯᠢ ᠨᠠᠬᠢᠶᠠᠨ ᠢ ᠮᠣᠩ᠋ᠭᠣᠯ ᠤᠯᠤᠰ ᠲᠤ ᠲᠠᠭᠠᠯᠠᠮᠵᠢᠲᠠᠢ ᠴᠠᠭ ᠲᠤ ᠪᠠᠨ ᠠᠢᠢᠯᠴᠢᠯᠠᠬᠤ ᠶ᠋ᠢ ᠤᠷᠢᠪᠠ᠃