Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠠᠯᠳᠠᠷᠲᠤ ᠡᠬᠡ ᠶ᠋ᠢᠨ ᠣᠳᠤᠨᠲᠤ ᠡᠬᠡᠴᠦᠳ ᠤᠨ ᠬᠦᠨᠳᠦᠳᠬᠡᠯ ᠤᠨ ᠶᠣᠰᠤᠯᠠᠯ ᠳ᠋ᠤ ᠣᠷᠤᠯᠴᠠᠪᠠ

ᠮᠣᠩ᠋ᠭᠣᠯ ᠤᠯᠤᠰ  ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠣᠯᠠᠨ ᠤᠯᠤᠰ  ᠤᠨ ᠡᠮᠡᢉᠲᠡᠢᠢᠴᠦᠳ ᠦ᠋ᠨ ᠡᠳᠦᠷ ᠢ᠋ ᠲᠣᠬᠢᠶᠠᠯᠳᠤᠭᠤᠯᠤᠨ ᠵᠣᠬᠢᠶᠠᠨ ᠪᠠᠢᠢᠭᠤᠯᠤᠭᠰᠠᠨ ᠠᠯᠳᠠᠷᠲᠤ ᠡᠬᠡ ᠶ᠋ᠢᠨ ᠣᠳᠤᠨᠲᠤ ᠡᠬᠡᠴᠦᠳ ᠲᠦ ᠬᠦᠨᠳᠦᠳᠬᠡᠯ ᠦᠵᠡᢉᠦᠯᠬᠦ ᠶᠣᠰᠤᠯᠠᠯ ᠳ᠋ᠤ ᠬᠡᠯᠡᢉᠰᠡᠨ ᠦᠭᠡ ᠶ᠋ᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

ᠮᠣᠩ᠋ᠭᠤᠯ ᠤᠯᠤᠰ  ᠤᠨ ᠶᠡᠷᠦᠩᠬᠡᠢᠢᠯᠡᢉᠴᠢ ᠬᠡᠯᠡᢉᠰᠡᠨ ᠦᠭᠡᠨ ᠳ᠋ᠦ ᠪᠡᠨ:
“ᠡᠬᠡ ᠣᠷᠤᠨ ᠤ᠋ ᠮᠢᠨᠢ ᠡᠬᠢᠯᠡᠯ ᠪᠣᠯᠤᠭᠰᠠᠨ ᠮᠣᠩ᠋ᠭᠣᠯ  ᠤᠨ ᠰᠠᠢᠢᠬᠠᠨ ᠡᠵᠢ  ᠤᠳ ᠡ᠂

ᠡᠨᠡ ᠬᠣᠷᠸᠠ ᠳ᠋ᠤ ᠥᠩᠭᠡ ᠨᠡᠮᠡᢉᠰᠡᠨ ᠥᠬᠢᠳ᠂ ᠪᠦᠰᠡᢉᠦᠢᠢᠴᠦᠳ᠂ ᠡᠮᠡᢉᠲᠡᠢᠢᠴᠦᠳ ᠡ ᠂

ᠲᠠ ᠪᠦᠬᠦᠨ ᠳ᠋ᠦ ᠣᠯᠠᠨ ᠤᠯᠤᠰ  ᠤᠨ ᠡᠮᠡᢉᠲᠡᠢᠢᠴᠦᠳ ᠦ᠋ᠨ ᠡᠳᠦᠷ ᠦ᠋ᠨ ᠪᠠᠶᠠᠷ  ᠤᠨ ᠮᠡᠨᠳᠦ ᠶ᠋ᠢ ᠡᠷᢉᠦᠨ ᠳᠡᠪᠰᠢᢉᠦᠯᠵᠦ᠂ ᠡᠷᠡᢉᠦᠯ ᠡᠩᠬᠡ᠂ ᠠᠵᠠ ᠵᠢᠷᠭᠠᠯ᠂ ᠬᠠᠮᠤᠭ  ᠤᠨ ᠰᠠᠢᠢᠨ ᠰᠠᠢᠢᠬᠠᠨ ᠪᠦᠬᠦᠨ ᠢ᠋ ᠬᠦᠰᠡᠨ ᠢᠷᠦᠭᠡᠵᠦ᠂ ᠮᠡᠨᠳᠦᠴᠢᠯᠡᠵᠦ ᠪᠠᠢᠢᠭ᠎ᠠ ᠶ᠋ᠢ ᠬᠦᠯᠢᠶᠡᠨ ᠠᠪᠤᠨ᠎ᠠ ᠤᠤ᠃

ᠪᠤᠭᠤᠷᠤᠯ ᠲᠡᠦᠬᠡ ᠶ᠋ᠢᠨ ᠬᠠᠭᠤᠳᠠᠰᠤᠨ ᠠ ᠲᠣᠳᠤ ᠪᠠᠷ ᠲᠡᠮᠳᠡᢉᠯᠡᢉᠳᠡᠨ ᠦᠯᠡᠳᠡᢉᠰᠡᠨ ᠮᠣᠩ᠋ᠭᠤᠯ ᠬᠠᠲᠠᠳ  ᠤᠨ ᠠᠭᠤᠤ ᠦᠢᠯᠡᠰ᠂ ᠲᠡᠦᠬᠡᠨ ᠭᠠᠪᠢᠶ᠎ᠠ᠂ ᠰᠤᠤ ᠪᠢᠯᠢᠭ᠌᠂ ᠬᠠᠲᠤᠨ ᠤᠬᠠᠭᠠᠨ᠂ ᠬᠠᠢᠢᠷ᠎ᠠ ᠡᠨᠡᠷᠢᠯ᠂ ᠵᠣᠷᠢᠭ ᠲᠡᠪᠴᠢᠶᠡᠷᠢ᠂ ᠪᠠᠭᠠᠲᠤᠷᠯᠢᠭ ᠦᠢᠯᠡ ᠬᠡᠷᠡᠭ  ᠢᠢᠡᠷ ᠮᠣᠩ᠋ᠭᠣᠯᠴᠤᠳ ᠪᠢᠳᠡ ᠦᠶ᠎ᠡ ᠶ᠋ᠢᠨ ᠦᠶ᠎ᠡ ᠳ᠋ᠦ ᠪᠠᠬᠠᠷᠬᠠᠳᠠᠭ᠃

ᠮᠣᠩ᠋ᠭᠤᠯ ᠤᠯᠤᠰ  ᠤᠨ ᠲᠥᠷᠦ ᠶ᠋ᠢᠨ ᠳᠡᠭᠡᠳᠦ ᠱᠠᠩᠨᠠᠯ “ᠴᠢᠩᢉᠢᠰ ᠬᠠᠭᠠᠨ” ᠲᠡᠷᠢᢉᠦᠨ ᠵᠡᠷᠭᠡ ᠶ᠋ᠢᠨ ᠣᠳᠤᠨ ᠬᠦᠷᠲᠡᢉᠰᠡᠨ ᠠᠮᠡᠷᠢᠻᠠ ᠶ᠋ᠢᠨ ᠨᠡᠷᠡᠲᠦ ᠡᠷᠳᠡᠮᠲᠡᠨ ᠵᠠᠻ ᠦᠧᠲ᠋ᠧᠷᠹᠤᠷᠳ᠋ᠲ “ᠮᠣᠩ᠋ᠭᠤᠯ ᠬᠠᠲᠠᠳ ᠡᠮᠡᢉᠲᠡᠢᠢᠴᠦᠳ ᠡᠷᠲᠡᠨ ᠤ ᠲᠡᠦᠬᠡᠲᠦ ᠮᠣᠩ᠋ᠭᠤᠯ ᠲᠥᠷᠦ ᠶ᠋ᠢᠨ ᠠᠯᠲᠠᠨ ᠠᠷᠭᠠᠮᠵᠢ ᠶ᠋ᠢ ᠪᠠᠲᠤᠳᠬᠠᠨ ᠪᠡᠬᠢᠵᠢᢉᠦᠯᠵᠦ᠂ ᠬᠦᠮᠦᠨ ᠲᠥᠷᠦᠯᠬᠢᠲᠡᠨ ᠤ ᠲᠡᠦᠬᠡ ᠶ᠋ᠢ ᠪᠦᠲᠦᠭᠡᠬᠦ ᠶᠡᠬᠡ ᠦᠢᠯᠡ ᠬᠡᠷᠡᠭ ᠲᠦ ᠵᠠᠭᠤᠨ ᠵᠠᠭᠤᠨ ᠤ᠋ ᠲᠤᠷᠰᠢ ᠦᠭᠡ ᠬᠡᠯᠡ᠂ ᠦᠵᠡᠯ ᠰᠠᠨᠠᠭ᠎ᠠ᠂ ᠦᠢᠯᠡ ᠬᠡᠷᠡᠭ  ᠢᠢᠡᠷ  ᠢᠢᠡᠨ ᠦᠨ᠎ᠡ ᠲᠡᠢ ᠬᠤᠪᠢ ᠨᠡᠮᠡᠷᠢ ᠣᠷᠤᠭᠤᠯᠤᠭᠰᠠᠨ” ᠬᠡᠮᠡᠨ ᠲᠣᠳᠤᠷᠬᠠᠢᠢᠯᠠᠭᠰᠠᠨ ᠪᠠᠢᠢᠳᠠᠭ᠃

ᠰᠡᠴᠡᠨ ᠤᠬᠠᠭᠠᠨᠲᠤ ᠮᠣᠩ᠋ᠭᠣᠯ ᠬᠠᠲᠠᠳ  ᠤᠨ ᠡᠷᠬᠢᠮᠰᠦᠭ ᠣᠷᠤᠰᠢᠬᠤᠢ ᠶ᠋ᠢ ᠵᠠᠯᠭᠠᠮᠵᠢᠯᠠᠨ ᠲᠡᠭᠡᠭᠡᢉᠰᠡᠨ ᠥᠬᠢᠳ᠂ ᠪᠦᠰᠡᢉᠦᠢᠢᠴᠦᠳ ᠳᠡᠯᠡᠬᠡᠢ ᠶᠢᠷᠲᠢᠨᠴᠦ ᠳ᠋ᠦ ᠣᠶᠤᠨ ᠤᠬᠠᠭᠠᠨ  ᠢᠢᠠᠷ  ᠢᠢᠠᠨ ᠲᠡᠷᠢᢉᠦᠯᠡᠵᠦ᠂ ᠮᠣᠩ᠋ᠭᠣᠯ ᠡᠮᠡᢉᠲᠡᠢ ᢉᠧᠨᠧᠷᠠᠯ᠂ ᠡᠩᠬᠡ ᠶ᠋ᠢ ᠰᠠᠬᠢᠭᠤᠯᠤᠭᠴᠢ ᠵᠣᠷᠢᠭᠲᠤ ᠪᠦᠰᠡᢉᠦᠢ ᠨᠦᢉᠦᠳ ᠮᠠᠨᠢ ᠳᠠᠶᠠᠩ ᠳᠡᠯᠡᠬᠡᠢ ᠳ᠋ᠦ ᠡᠩᠬᠡᠲᠠᠢᠢᠪᠤᠩ ᠢ᠋ ᠲᠣᠭᠲᠠᠭᠠᠬᠤ ᠶᠡᠬᠡ ᠦᠢᠯᠡᠰ ᠲᠦ ᠬᠦᠴᠦᠨ ᠵᠢᠳᠬᠦᠵᠦ᠂ ᠠᠪᠢᠶᠠᠰ ᠪᠢᠯᠢᠭ᠌᠂ ᠠᠮᠵᠢᠯᠲᠠ ᠪᠦᠲᠦᠭᠡᠯ᠂ ᠡᠷ᠎ᠡ ᠵᠣᠷᠢᠭ  ᠢᠢᠠᠷ  ᠢᠢᠠᠨ ᠳᠡᠯᠡᠬᠡᠢ ᠳ᠋ᠦ ᠲᠡᠷᠢᢉᠦᠯᠡᠬᠦ ᠪᠣᠯᠤᠭᠰᠠᠨ ᠢ᠋ ᠪᠠᠶᠠᠷ  ᠤᠨ ᠡᠨᠡ ᠡᠳᠦᠷ ᠲᠡᠮᠳᠡᢉᠯᠡᠨ ᠬᠡᠯᠡᠬᠦ ᠳ᠋ᠦ ᠪᠠᠬᠠᠳᠤᠮ᠎ᠠ ᠰᠠᠢᠢᠬᠠᠨ ᠪᠠᠢᠢᠨ᠎ᠠ᠃

ᠠᠴᠢᠲᠠᠢ ᠪᠤᠶᠠᠨᠲᠠᠢ ᠡᠵᠢ ᠨᠦᢉᠦᠳ ᠲᠠ ᠪᠦᠬᠦᠨ ᠤ ᠮᠠᠨᠢ ᠬᠠᠯᠠᠭᠤᠨ ᠰᠡᠳᠬᠢᠯ᠂ ᠳᠤᠯᠠᠭᠠᠨ ᠭᠠᠷ ᠳᠡᠭᠡᠷ᠎ᠡ ᠡᠬᠡ ᠣᠷᠤᠨ ᠤ᠋ ᠮᠠᠨᠢ ᠢᠷᠡᠭᠡᠳᠦᠢ ᠶ᠋ᠢᠨ ᠨᠠᠷᠠᠨ ᠮᠠᠨᠳᠤᠵᠤ ᠪᠠᠢᠢᠳᠠᠭ᠃ ᠮᠣᠩ᠋ᠭᠣᠯ  ᠤᠨ ᠦᠵᠡᠰᠬᠦᠯᠡᠩᠲᠦ ᠰᠠᠷᠠᠨᠭᠣᠣ᠎ᠠ᠂ ᠪᠢᠳᠡᠨ ᠢ᠋ ᠲᠥᠷᠦᢉᠦᠯᠦᢉᠰᠡᠨ ᠡᠵᠢ ᠲᠠ ᠪᠦᠬᠦᠨ ᠪᠣᠯ ᠡᠨᠡ ᠬᠣᠷᠸᠠ ᠶ᠋ᠢᠨ ᠠᠮᠢᠳᠤ ᠪᠤᠷᠬᠠᠳ ᠶᠤᠮ ᠰᠢᠦ᠃

“ᠰᠢᢉᠦᠳᠡᠷᠢ ᠶ᠋ᠢᠨ ᠳᠤᠰᠤᠯ ᠢ᠋ ᠴᠤᠭᠯᠠᠭᠤᠯᠵᠤ᠂ ᠮᠢᠩ᠋ᠭᠠᠨᠲᠠ ᠴᠠᠢ ᠴᠢᠨᠠᠵᠤ ᠥᢉᢉᠦᢉᠰᠡᠨ ᠴᠤ᠂ ᠰᠢᠲᠦᠭᠡᠨ ᠪᠣᠯᠤᠭᠰᠠᠨ ᠡᠵᠢ ᠶ᠋ᠢᠨ ᠢᠢᠡᠨ ᠠᠩᢉᠢᠷ ᠤᠭᠤᠷᠠᠭ ᠪᠠᠨ ᠠᠮᠠᠯᠠᠭᠤᠯᠤᠭᠰᠠᠨ ᠨᠢᠭᠡᠨ ᠰᠥᠨᠢ ᠶ᠋ᠢᠨ ᠠᠴᠢ ᠶ᠋ᠢ ᠬᠠᠷᠢᠭᠤᠯᠠᠵᠤ ᠦᠯᠦ ᠴᠢᠳᠠᠨ᠎ᠠ ”ᠬᠡᠮᠡᠨ ᠪᠢᠳᠡᠨ ᠤ ᠡᠪᠦᠭᠡ ᠳᠡᠭᠡᠳᠦᠰ ᠰᠤᠷᠭᠠᠵᠤ ᠢᠷᠡᢉᠰᠡᠨ᠃

“ᠶᠠᠮᠠᠷ ᠬᠦᠦ ᠲᠥᠷᠦᢉᠦᠯᠦᢉᠰᠡᠨ ᠢᠢᠡᠨ ᠂ ᠡᠵᠢ ᠮᠢᠨᠢ ᠲᠠ ᠬᠠᠷᠠᠭᠠᠷᠠᠢ᠂ ᠶᠠᠮᠠᠷ ᠬᠦᠮᠦᠨ ᠢᠢᠡᠷ ᠮᠠᠨᠠᠭᠤᠯᠤᠭᠰᠠᠨ ᠢᠢᠠᠨ᠂ ᠡᠬᠡ ᠣᠷᠤᠨ ᠮᠢᠨᠢ ᠲᠠ ᠦᠵᠡᠭᠡᠷᠡᠢ” ᠬᠡᠮᠡᠨ ᠮᠠᠨ ᠤ᠋ ᠠᠷᠠᠳ ᠲᠦᠮᠡᠨ ᠰᠢᠯᠦᠭ᠂ ᠳᠠᠭᠤᠨ ᠳ᠋ᠤ ᠪᠠᠨ ᠮᠥᠩᠬᠡᠯᠡᢉᠰᠡᠨ ᠪᠠᠢᠢᠳᠠᠭ᠃
ᠡᠨᠡᠷᠢᠯᠲᠦ ᠡᠬᠡ ᠶ᠋ᠢᠨ ᠠᠴᠢ ᠶ᠋ᠢ᠂ ᠡᠨᠡ ᠪᠡᠶ᠎ᠡ ᠪᠡᠷ  ᠢᠢᠡᠨ ᠬᠠᠷᠢᠭᠤᠯᠠᠵᠤ ᠦᠯᠦ ᠴᠢᠳᠠᠪᠠᠴᠤ ᠡᠷᠳᠡᠮᠲᠦ ᠬᠦᠮᠦᠨ ᠤ ᠪᠡᠶ᠎ᠡ ᠶ᠋ᠢ ᠣᠯᠤᠭᠰᠠᠨ ᠬᠦᠮᠦᠨ ᠪᠦᠷᠢ ᠡᠬᠡ ᠣᠷᠤᠨ ᠳ᠋ᠤ ᠪᠠᠨ ᠭᠠᠪᠢᠶᠠᠲᠠᠢ᠂ ᠡᠴᠢᠭᠡ ᠡᠬᠡ ᠳ᠋ᠡᠭᠡᠨ ᠠᠴᠢᠯᠠᠯᠲᠠᠢ᠂ ᠦᠷ᠎ᠡ ᠬᠡᠦᠬᠡᠳ ᠲᠦ ᠪᠡᠨ ᠡᠯᠪᠡᠷᠢᠯ ᠲᠡᠢ᠂ ᠭᠡᠷ ᠪᠦᠯᠢ ᠳ᠋ᠦ ᠪᠡᠨ ᠲᠦᠰᠢᠭ ᠲᠡᠢ ᠬᠦᠮᠦᠨ ᠪᠠᠢᠢᠵᠤ᠂ ᠠᠴᠢᠲᠤ ᠡᠬᠡ ᠶ᠋ᠢᠨ  ᠢᠢᠡᠨ ᠰᠡᠳᠬᠢᠯ ᠢ᠋ ᠳᠡᠪᠲᠦᠭᠡᠵᠦ᠂ ᠢᠲᠡᠭᠡᠯ ᠢ᠋ ᠪᠡᠬᠢᠯᠡᠵᠦ ᠵᠥᠪ ᠠᠮᠢᠳᠤᠷᠠᠬᠤ ᠤᠴᠢᠷᠲᠠᠢ᠃
ᠮᠣᠩ᠋ᠭᠣᠯ ᠲᠥᠷᠦ ᠶ᠋ᠢᠨ ᠭᠠᠯ ᠭᠣᠯᠤᠮᠲᠠ ᠪᠣᠯᠤᠭᠰᠠᠨ ᠲᠥᠷᠦ ᠶ᠋ᠢᠨ ᠣᠷᠳᠤᠨ ᠳ᠋ᠤ ᠪᠠᠨ᠂ ᠮᠣᠩ᠋ᠭᠣᠯ  ᠤᠨ ᠰᠠᠢᠢᠬᠠᠨ ᠡᠵᠢ ᠨᠦᢉᠦᠳ ᠦ᠋ᠨ ᠲᠥᠯᠦᠭᠡᠯᠡᠯ ᠪᠣᠯᠤᠭᠰᠠᠨ ᠑᠂᠐᠐᠐ ᠳ᠋ᠠᠷᠠ ᠡᠬᠡ ᠴᠢᠭᠤᠯᠵᠤ᠂ ᠢᠷᠦᠭᠡᠯ ᠪᠡᠯᠭᠡ ᠲᠡᢉᠰᠢᠷᠡᠵᠦ᠂ ᠬᠠᠢᠢᠷ᠎ᠠ ᠡᠨᠡᠷᠢᠯ᠂ ᠠᠵᠠ ᠵᠢᠷᠭᠠᠯ᠂ ᠪᠠᠶᠠᠷ ᠪᠠᠶᠠᠰᠤᠯ  ᠢᠢᠠᠷ ᠪᠢᠯᠬᠠᠵᠤ ᠪᠠᠢᠢᠨ᠎ᠠ᠃
ᠡᠨᠡᠷᠢᠯ ᠬᠠᠢᠢᠷ᠎ᠠ ᠶ᠋ᠢᠨ ᠪᠤᠷᠬᠠᠳ ᠪᠣᠯᠤᠭᠰᠠᠨ ᠡᠵᠢ ᠲᠠ ᠪᠦᠬᠦᠨ ᠳ᠋ᠦ ᠪᠡᠨ ᠡᠨᠡ ᠶᠢᠷᠲᠢᠨᠴᠦ ᠶ᠋ᠢᠨ ᠭᠡᠷᠡᠯ ᠭᠡᠭᠡ᠂ ᠬᠠᠮᠤᠭ  ᠤᠨ ᠰᠠᠢᠢᠨ ᠰᠠᠢᠢᠬᠠᠨ ᠪᠦᠬᠦᠨ ᠢ᠋ ᠬᠦᠰᠡᠨ ᠢᠷᠦᠭᠡᠶ᠎ᠡ᠃

ᠠᠮᠤᠷ ᠠᠮᠤᠭᠤᠯᠠᠩ᠂ ᠠᠵᠠ ᠵᠢᠷᠭᠠᠯᠲᠠᠢ ᠭᠡᠷ ᠪᠦᠯᠢ ᠡᠴᠡ ᠠᠯᠢᠪᠠ ᠤᠯᠤᠰ ᠣᠷᠤᠨ ᠤ᠋ ᠥᠭᠡᠳᠡᠯᠡᠨ ᠳᠡᠪᠵᠢᠵᠦ᠂ ᠥᠰᠦᠨ ᠮᠠᠨᠳᠤᠬᠤ ᠶ᠋ᠢᠨ ᠡᠬᠢᠯᠡᠯ ᠲᠠᠯᠪᠢᠭᠳᠠᠳᠠᠭ᠃ ᠠᠢᠢᠯ ᠭᠡᠷ ᠦ᠋ᠨ ᠠᠵᠠ ᠵᠢᠷᠭᠠᠯ ᠪᠣᠯ ᠡᠴᠢᠭᠡ ᠬᠦᠮᠤᠨ ᠤ ᠨᠣᠶᠠᠨ ᠨᠢᠷᠤᠭᠤ᠂ ᠡᠬᠡ ᠬᠦᠮᠦᠨ ᠤ ᠡᠯᠪᠡᠷᠢᠯ ᠬᠠᠢᠢᠷ᠎ᠠ ᠳᠡᠭᠡᠷ᠎ᠡ ᠡᠪᠯᠡᠨ ᠲᠣᠭᠲᠠᠳᠠᠭ ᠵᠢᠮ᠎ᠠ ᠲᠠᠢ᠃

ᠡᠢᠢᠮᠦ ᠡᠴᠡ ᠡᠷᠡᠴᠦᠳ ᠪᠢᠳᠡ ᠭᠡᠷ ᠪᠦᠯᠢ᠂ ᠡᠬᠡ ᠣᠷᠤᠨ ᠤ᠋ ᠪᠠᠨ ᠡᠮᠦᠨ᠎ᠡ ᠬᠦᠯᠢᠶᠡᢉᠰᠡᠨ ᠡᢉᠦᠷᠭᠡ᠂ ᠬᠠᠷᠢᠭᠤᠴᠠᠯᠭ᠎ᠠ ᠳᠤ ᠪᠠᠨ ᠡᠵᠡᠨ ᠪᠠᠢᠢᠵᠤ᠂ ᠡᠬᠡ ᠬᠦᠮᠦᠨ᠂ ᠡᠮᠡᢉᠲᠡᠢ ᠬᠦᠮᠦᠨ᠂ ᠦᠷ᠎ᠡ ᠬᠡᠦᠬᠡᠳ  ᠢᠢᠡᠨ ᠬᠠᠢᠢᠷᠠᠯᠠᠨ ᠳᠡᠭᠡᠳᠦᠯᠡᠵᠦ᠂ ᠬᠠᠯᠠᠮᠵᠢᠯᠠᠨ ᠠᠰᠠᠷᠠᠬᠤ ᠤᠴᠢᠷᠲᠠᠢ᠃

ᠡᠨᠡ ᠪᠣᠯ ᠡᠷ᠎ᠡ ᠬᠦᠮᠦᠨ ᠤ ᠶᠣᠰᠤ ᠵᠤᠳᠠᠭ᠂ ᠨᠡᠷ᠎ᠡ ᠲᠥᠷᠦ ᠶ᠋ᠢᠨ ᠬᠡᠷᠡᠭ ᠪᠥᠭᠡᠳ ᠡᠷ᠎ᠡ ᠬᠦᠮᠦᠨ᠂ ᠡᠴᠢᠭᠡ ᠬᠦᠮᠦᠨ ᠤ ᠡᠷᠬᠢᠮ ᠡᢉᠦᠷᠭᠡ ᠭᠡᠳᠡᠭ ᠢ ᠢᠮᠠᠭᠲᠠ ᠰᠠᠨᠠᠵᠤ ᠶᠠᠪᠤᠬᠤ ᠤᠴᠢᠷᠲᠠᠢ᠃

ᠬᠡᠴᠡᢉᠦᠦ ᠪᠡᠷᠬᠡ ᠶ᠋ᠢᠨ ᠡᠮᠦᠨ᠎ᠡ ᠤᠨᠠᠵᠤ ᠪᠣᠰᠴᠤ᠂ ᠤᠷᠤᠭᠤᠳᠠᠵᠤ ᠥᢉᠰᠦᠵᠦ ᠶᠠᠪᠤᠬᠤ ᠳ᠋ᠤ ᠮᠢᠨᠢ ᠡᠷᠡᠴᠦᠳ ᠪᠢᠳᠡᠨ ᠢ᠋ ᠡᠨᠡᠷᠢᠯ ᠬᠠᠢᠢᠷ᠎ᠠ ᠪᠠᠷ  ᠢᠢᠠᠨ ᠲᠦᠰᠢᠳᠡᠭ ᠬᠠᠨᠢ ᠶ᠋ᠢᠨ ᠰᠡᠳᠬᠢᠯ᠂ ᠡᠬᠡ ᠶ᠋ᠢᠨ ᠬᠠᠢᠢᠷ᠎ᠠ ᠰᠢᠭ ᠠᠤᠭ᠎ᠠ ᠵᠦᠢᠯ ᠡᠨᠡ ᠬᠣᠷᠸᠠ ᠳ᠋ᠤ ᠦᠭᠡᠢ ᠪᠢᠯᠡ᠃

ᠲᠡᠢᠢᠮᠦ ᠡᠴᠡ ᠡᠷᠡᠴᠦᠳ ᠪᠢᠳᠡ ᠡᠬᠡ ᠶ᠋ᠢᠨ ᠬᠠᠢᠢᠷ᠎ᠠ᠂ ᠪᠦᠰᠡᢉᠦᠢ ᠶ᠋ᠢᠨ ᠰᠡᠳᠬᠢᠯ ᠢ᠋ ᠡᠷᠬᠢᠮᠯᠡᠨ ᠳᠡᠭᠡᠳᠦᠯᠡᠵᠦ᠂ ᠨᠠᠨᠳᠢᠩᠨᠠᠨ ᠬᠠᠢᠢᠷᠠᠯᠠᠵᠤ ᠶᠠᠪᠤᠬᠤ ᠤᠴᠢᠷᠲᠠᠢ᠃

ᠣᠯᠠᠨ ᠤᠯᠤᠰ  ᠤᠨ ᠡᠮᠡᢉᠲᠡᠢᠢᠴᠦᠳ ᠦ᠋ᠨ ᠪᠠᠶᠠᠷ  ᠤᠨ ᠡᠨᠡ ᠡᠳᠦᠷ᠂ ᠬᠦᠮᠦᠨ ᠪᠦᠷᠢ ᠠᠴᠢᠯᠠᠯᠲᠠ ᠡᠬᠡ᠂ ᠡᠯᠪᠡᠷᠢᠯᠲᠦ ᠬᠠᠨᠢ᠂ ᠡᠩᠬᠦᠷᠡᠢ ᠥᠬᠢᠳ  ᠢᠢᠠᠨ ᠪᠠᠶᠠᠷᠯᠠᠭᠤᠯᠬᠤ ᠭᠡᠵᠦ ᠬᠢᠴᠢᠶᠡᠳᠡᠭ ᠪᠢᠯᠡ᠃

ᠡᠨᠡ ᠬᠣᠷᠸᠠ ᠳ᠋ᠤ ᠣᠢᠢᠯᠠᠭᠠᠭᠳᠠᠬᠤ ᠭᠡᠵᠦ ᠪᠢᠰᠢ ᠬᠠᠢᠢᠷᠠᠯᠠᠭᠳᠠᠬᠤ ᠭᠡᠵᠦ ᠲᠥᠷᠦᢉᠰᠡᠨ ᠪᠦᠰᠡᢉᠦᠢ ᠵᠠᠶᠠᠭ᠎ᠠ ᠶ᠋ᠢ ᠡᠷᠡᠴᠦᠳ ᠪᠢᠳᠡ ᠡᠳᠦᠷ ᠪᠦᠷᠢ ᠪᠠᠶᠠᠷᠯᠠᠭᠤᠯᠵᠤ᠂ ᠡᠳᠦᠷ ᠪᠦᠷᠢ ᠢᠨᠢᠶᠡᠯᠭᠡᠵᠦ᠂ ᠠᠵᠠ ᠵᠢᠷᠭᠠᠯᠲᠠᠢ ᠠᠮᠢᠳᠤᠷᠠᠭᠤᠯᠬᠤ ᠶ᠋ᠢᠨ ᠲᠥᠯᠦᠭᠡ ᠬᠢᠴᠢᠶᠡᠨ ᠵᠢᠳᠬᠦᠬᠦ ᠶᠣᠰᠤ ᠲᠠᠢ ᠭᠡᠳᠡᠭ ᠢ ᠡᠨᠡ ᠡᠳᠦᠷ ᠬᠡᠯᠡᠬᠦ ᠶ᠋ᠢ ᠬᠦᠰᠡᠵᠦ ᠪᠠᠢᠢᠨ᠎ᠠ᠃

ᠨᠠᠷᠠᠲᠤ ᠶᠢᠷᠲᠢᠨᠴᠦ ᠳ᠋ᠦ ᠠᠮᠤᠷ ᠠᠮᠤᠭᠤᠯᠠᠩ᠂ ᠠᠵᠠ ᠵᠢᠷᠭᠠᠯ ᠠᠪᠴᠢᠷᠠᠳᠠᠭ ᠣᠷᠴᠢᠯᠠᠩ  ᠤᠨ ᠰᠠᠢᠢᠬᠠᠨ ᠡᠵᠢ  ᠤᠳ᠂ ᠡᠮᠡᢉᠲᠡᠢᠢᠴᠥᠳ ᠲᠠ ᠪᠦᠬᠦᠨ ᠤ ᠥᠷᢉᠦᠭᠡ ᠭᠡᠷ ᠢᠨᠢᠶᠡᠳᠦ ᠪᠠᠶᠠᠰᠤᠯ  ᠢᠢᠠᠷ ᠴᠠᠯᢉᠢᠵᠤ᠂ ᠦᠷ᠎ᠡ ᠬᠡᠦᠬᠡᠳ ᠦ᠋ᠳ ᠨᠢ ᠳᠦᢉᠦᠷᠡᠩ ᠵᠢᠷᠭᠠᠯᠲᠠᠢ᠂ ᠥᠨᠢᠷ ᠪᠦᠯᠢ ᠪᠡᠷ  ᠢᠢᠡᠨ ᠡᠩᠬᠡ ᠲᠤᠩᠬ᠎ᠠ᠂ ᠦᠶ᠎ᠡ ᠤᠳᠤᠮ  ᠢᠢᠠᠷ  ᠢᠢᠠᠨ ᠵᠢᠷᠭᠠᠵᠤ ᠪᠠᠢᠢᠬᠤ ᠶ᠋ᠢᠨ ᠥᠯᠵᠡᠢᠢᠲᠡᠢ ᠰᠠᠢᠢᠬᠠᠨ ᠢᠷᠦᠭᠡᠯ ᠢ᠋ ᠥᠭᠡᠳᠡ ᠥᠭᠡᠳᠡ ᠨᠢ ᠡᠷᠭᠥᠨ ᠳᠡᠪᠰᠢᢉᠦᠯᠦᠶ᠎ᠡ᠃

ᠡᠬᠡ ᠣᠷᠤᠨ ᠳ᠋ᠤ ᠮᠢᠨᠢ ᠡᠵᠢ ᠶ᠋ᠢᠨ ᠪᠦᠪᠡᠢ ᠶ᠋ᠢᠨ ᠳᠠᠭᠤ ᠦᠷᢉᠦᠯᠵᠢ ᠴᠠᠩᢉᠢᠨᠠᠵᠤ᠂ ᠡᠯᠪᠡᠷᠢᠯᠲᠡ ᠰᠠᠢᠢᠬᠠᠨ ᠡᠵᠢ  ᠦᠳ ᠮᠢᠨᠢ ᠠᠵᠠ ᠵᠢᠷᠭᠠᠯ᠂ ᠠᠮᠤᠷ ᠠᠮᠤᠭᠤᠯᠠᠩ  ᠢᠢᠠᠷ ᠪᠢᠯᠬᠠᠵᠤ ᠪᠠᠢᠢᠬᠤ ᠪᠣᠯᠲᠤᠭᠠᠢ!

ᠮᠣᠩ᠋ᠭᠣᠯ  ᠤᠨ ᠰᠠᠢᠢᠬᠠᠨ ᠡᠮᠡᢉᠲᠡᠢᠢᠴᠦᠳ ᠦ᠋ᠨ ᠢᠷᠠᠭᠤ ᠠᠯᠳᠠᠷ ᠪᠠᠳᠠᠷᠲᠤᠭᠠᠢ!” ᠭᠡᠯ᠎ᠡ᠃