Та "Internet explorer"-ийн сүүлийн хувилбар болох "Microsoft edge"-г ашиглана уу

Хэрэв "Microsoft edge"-г татах бол энд дарж татаж авна уу

ᠦᠢᠯᠡᠳᠪᠦᠷᠢᠯᠡᢉᠴᠢᠳ ᠤᠷᠲᠤ ᠬᠤᠭᠤᠴᠠᠭ᠎ᠠ ᠲᠠᠢ᠂ ᠬᠤ ᠪᠠᠭᠠᠲᠠᠢ ᠵᠢᠭᠡᠯᠡ ᠳ᠋ᠦ ᠬᠠᠮᠤᠷᠤᠭᠳᠠᠬᠤ ᠪᠣᠯᠤᠭᠰᠠᠨ ᠳ᠋ᠤᠷ ᠲᠠᠯᠠᠷᠬᠠᠵᠤ ᠪᠠᠢᠢᠨ᠎ᠠ

ᠮᠣᠩ᠋ᠭᠤᠯ ᠤᠯᠤᠰ ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ “ᠬᠦᠨᠡᠰᠦᠨ ᠤ ᠬᠠᠩ᠋ᠭᠠᠮᠵᠢ᠂ ᠠᠶᠤᠯ ᠦᠭᠡᠢ ᠪᠠᠢᠢᠳᠠᠯ” ᠦᠨᠳᠦᠰᠦᠨ ᠤ ᠬᠥᠳᠡᠯᠭᠡᠭᠡᠨ ᠤ ᠬᠦᠷᠢᠶᠡᠨ ᠳ᠋ᠦ “ᠼᠧᠨᠲ᠋ᠷᠠᠯ ᠡᠻᠰᠫᠷᠧᠰᠰ ᠰᠢ ᠸᠢ ᠡᠰ”
ᠬᠤᠪᠢᠴᠠᠭᠠᠲᠤ ᠺᠤᠮᠫᠠᠨᠢ ᠢᠢᠨ ᠬᠣᠭᠤᠯᠠ ᠪᠣᠯᠪᠠᠰᠤᠷᠠᠭᠤᠯᠬᠤ ᠦᠢᠯᠡᠳᠪᠦᠷᠢ᠂ ᠰᠠᠪᠠ᠂ ᠪᠠᠭᠯᠠᠭ᠎ᠠ ᠪᠣᠭᠤᠳᠠᠯ ᠤᠨ “ᠰᠢᠨ᠎ᠡ ᠭᠠᠨᠲᠢᠭ”ᠬᠢᠵᠠᠭᠠᠷᠯᠠᠬᠳᠠᠮᠠᠯ ᠬᠠᠷᠢᠭᠤᠴᠠᠯᠭᠠᠲᠠᠢ ᠺᠤᠮᠫᠠᠨᠢ ᠂ ᠬᠢᠮ᠎ᠠ᠂ ᠮᠢᠬᠠᠨ ᠪᠦᠲᠦᠭᠡᢉᠳᠡᠬᠦᠨ ᠦᠢᠯᠡᠳᠪᠦᠷᠢᠯᠡᠯ ᠦ᠋ᠨ “ᠲᠷᠠᠰᠲ ᠲᠷᠧᠢᠢᠳ᠋” ᠬᠢᠵᠠᠭᠠᠷᠯᠠᠬᠳᠠᠮᠠᠯ ᠬᠠᠷᠢᠭᠤᠴᠠᠯᠭᠠᠲᠠᠢ ᠺᠤᠮᠫᠠᠨᠢ ᠳᠤ ᠠᠵᠢᠯᠯᠠᠯ᠎ᠠ᠃

“ᠬᠦᠨᠡᠰᠦᠨ ᠤ ᠬᠠᠩ᠋ᠭᠠᠮᠵᠢ᠂ ᠠᠶᠤᠯ ᠦᠭᠡᠢ ᠪᠠᠢᠢᠳᠠᠯ” ᠦᠨᠳᠦᠰᠦᠨ ᠤ ᠬᠥᠳᠡᠯᠭᠡᠭᠡᠨ ᠤ ᠬᠦᠷᠢᠶᠡᠡ ᠳ᠋ᠦ ᠒᠐᠒᠓ ᠣᠨ ᠤ᠋ ᠲᠥᠰᠦᠪ ᠲᠦ ᠒᠒᠓ ᠣᠷᠴᠢᠮ ᠲᠡᠷᠪᠤᠮ ᠲᠥᢉᠦᠷᠢᠭ᠌ ᠲᠤᠰᠬᠠᠭᠰᠠᠨ ᠨᠢ ᠬᠦᠨᠡᠰᠦ᠂ ᠬᠥᠳᠡᠭᠡ ᠠᠵᠤ ᠠᠬᠤᠢ ᠶ᠋ᠢᠨ ᠰᠠᠯᠪᠤᠷᠢ ᠳᠤ ᠰᠡᢉᠦᠯ ᠦ᠋ᠨ ᠓᠐ ᠭᠠᠷᠤᠢ ᠵᠢᠯ ᠬᠢᢉᠳᠡᠭᠡ ᠦᠭᠡᠢ ᠳᠡᠮᠵᠢᠯᠭᠡ ᠶᠤᠮ᠎᠃

ᠮᠠᠯ ᠠᠵᠤ ᠠᠬᠤᠢ ᠶ᠋ᠢᠨ ᠰᠠᠯᠪᠤᠷᠢ ᠳᠤ ᠑᠗ ᠲᠡᠷᠪᠤᠮ᠂ ᠭᠠᠵᠠᠷ ᠲᠠᠷᠢᠶᠠᠯᠠᠩ ᠤᠨ ᠰᠠᠯᠪᠤᠷᠢ ᠳᠤ ᠕᠒ ᠲᠡᠷᠪᠤᠮ ᠲᠥᢉᠦᠷᠢᠭ᠌ ᠤᠨ ᠵᠢᠭᠡᠯᠡ ᠶ᠋ᠢᠨ ᠬᠦᠦ ᠶ᠋ᠢᠨ ᠬᠥᠩᠭᠡᠯᠡᠯᠲᠡ ᠦᠵᠡᢉᠦᠯᠦᠨ᠎ᠡ᠃

ᠣᠯᠠᠨ ᠵᠢᠯ ᠬᠦᠰᠡᠨ ᠬᠦᠯᠢᠶᠡᠵᠦ ᠪᠠᠢᠢᠭᠰᠠᠨ ᠓᠆ ᠕ ᠵᠢᠯ ᠦ᠋ᠨ ᠬᠤᠭᠤᠴᠠᠭ᠎ᠠ ᠲᠠᠢ᠂ ᠓᠆ ᠕ ᠬᠤᠪᠢ ᠶ᠋ᠢᠨ ᠬᠦᠦ ᠲᠡᠢ᠂ ᠨᠡᠢᠢᠲᠡ ᠨᠢᠭᠡ ᠶᠡᠬᠡ ᠨᠠᠶᠤᠳ ᠲᠥᢉᠦᠷᠢᠭ᠌ ᠤᠨ ᠵᠢᠭᠡᠯᠡ ᠣᠯᠭᠠᠬᠤ ᠪᠠᠷ ᠪᠣᠯᠤᠭᠰᠠᠨ ᠳ᠋ᠤ ᠦᠨᠳᠦᠰᠦᠨ ᠤ ᠦᠢᠯᠡᠳᠪᠦᠷᠢᠯᠡᢉᠴᠢ ᠠᠵᠤ ᠠᠬᠤᠢ ᠶ᠋ᠢᠨ ᠨᠢᠭᠡᠴᠡ ᠨᠦᢉᠦᠳ᠂ ᠪᠠᠶᠠᠯᠢᠭ ᠪᠦᠲᠦᠭᠡᢉᠴᠢᠳ ᠲᠠᠯᠠᠷᠬᠠᠯ ᠢᠯᠡᠷᠬᠡᠢᠢᠯᠡᠯ᠎ᠡ᠃

ᠮᠥᠨ ᠵᠢᠯ ᠦ᠋ᠨ ᠑᠂᠕ ᠲᠡᠷᠪᠤᠮ ᠲᠥᢉᠦᠷᠢᠭ᠌ ᠡᠴᠡ ᠳᠣᠭᠤᠭᠰᠢ ᠪᠣᠷᠤᠯᠠᠭᠤᠯᠤᠯᠲᠠ ᠶ᠋ᠢᠨ ᠣᠷᠤᠯᠭ᠎ᠠ ᠲᠠᠢ ᠠᠵᠤ ᠠᠬᠤᠢ ᠶ᠋ᠢᠨ ᠨᠢᠭᠡᠴᠡ ᠨᠦᢉᠦᠳ ᠦ᠋ᠨ ᠣᠷᠤᠯᠭ᠎ᠠ ᠶ᠋ᠢᠨ ᠠᠯᠪᠠᠨ ᠲᠠᠲᠠᠪᠤᠷᠢ ᠶ᠋ᠢ ᠙᠐ ᠬᠤᠪᠢ ᠪᠠᠷ ᠬᠥᠩᠭᠡᠯᠡᠵᠦ᠂ ᠵᠠᠷᠢᠮ ᠲᠥᠷᠦᠯ ᠦ᠋ᠨ ᠬᠦᠨᠡᠰᠦᠨ ᠤ ᠪᠦᠲᠦᠭᠡᢉᠳᠡᠬᠦᠨ ᠢ᠋ ᠨᠡ᠊᠂ᠥ᠂ᠡᠠ᠊᠂ ᠲᠠ‍ ᠆ ᠡᠴᠠ ᠴᠢᠯᠦᠭᠡᠯᠡᢉᠰᠡᠨ᠃

ᠳᠣᠲᠤᠭᠠᠳᠤ ᠶ᠋ᠢᠨ ᠵᠠᠬ᠎ᠠ ᠵᠡᠭᠡᠯᠢ ᠪᠡᠨ ᠬᠠᠮᠠᠭᠠᠯᠠᠵᠤ᠂ ᠠᠵᠤ ᠠᠬᠤᠢ ᠶ᠋ᠢᠨ ᠨᠢᠭᠡᠴᠡ ᠨᠦᢉᠦᠳ ᠢᠢᠡᠨ ᠳᠡᠮᠵᠢᠬᠦ ᠡᢉᠦᠳᠡᠨ ᠡᠴᠡ ᠵᠠᠷᠢᠮ ᠨᠡᠷ᠎ᠡ ᠲᠥᠷᠦᠯ ᠦ᠋ᠨ ᠬᠦᠨᠡᠰᠦᠨ ᠤ ᠪᠦᠲᠦᠭᠡᢉᠳᠡᠬᠦᠨ ᠤ ᠢᠮᠫᠤᠷᠲ᠋ ᠤᠨ ᠲᠠᠲᠠᠪᠤᠷᠢ ᠶ᠋ᠢ ᠦᠶ᠎ᠡ ᠱᠠᠲᠤ ᠲᠠᠢ ᠨᠡᠮᠡᠬᠦ ᠪᠡᠷ ᠲᠥᠯᠦᠪᠯᠡᠵᠦ ᠪᠠᠢᠢᠨ᠎ᠠ᠃

ᠡᠳᠡᠭᠡᠷ ᠳᠡᠮᠵᠢᠯᠭᠡ ᠨᠢ ᠦᠢᠯᠡ ᠠᠵᠢᠯᠯᠠᠭ᠎ᠠ ᠪᠠᠨ ᠲᠠᠰᠤᠷᠠᠯᠲᠠ ᠦᠭᠡᠢ ᠦᠷᢉᠦᠯᠵᠢᠯᠡᢉᠦᠯᠬᠦ᠂ ᠥᠷᠭᠡᠵᠢᢉᠦᠯᠬᠦ᠂ ᠠᠵᠢᠯ ᠤᠨ ᠪᠠᠢᠢᠷᠢ ᠪᠤᠢ ᠪᠣᠯᠭᠠᠬᠤ᠂ ᠢᠷᠡᠬᠦ ᠲᠠᠪᠤᠨ ᠵᠢᠯ ᠳ᠋ᠦ ᠭᠣᠣᠯ ᠨᠡᠷ᠎ᠡ ᠲᠥᠷᠦᠯ ᠦ᠋ᠨ ᠑᠙ ᠬᠦᠨᠡᠰᠦᠨ ᠤ ᠪᠦᠲᠦᠭᠡᢉᠳᠡᠬᠦᠨ ᠢᠢᠠᠷ ᠳᠣᠲᠤᠭᠠᠳᠤ ᠶ᠋ᠢᠨ ᠬᠡᠷᠡᢉᠴᠡᠭᠡ ᠪᠡᠨ ᠬᠠᠩ᠋ᠭᠠᠬᠤ ᠳ᠋ᠤ ᠴᠢᠬᠤᠯᠠ ᠬᠤᠪᠢ ᠨᠡᠮᠡᠷᠢ ᠣᠷᠤᠭᠤᠯᠤᠨ᠎ᠠ ᠭᠡᠳᠡᠭ ᠢ ᠠᠵᠤ ᠠᠬᠤᠢ ᠶ᠋ᠢᠨ ᠨᠢᠭᠡᠴᠡ ᠶ᠋ᠢᠨ ᠤᠳᠤᠷᠢᠳᠤᠯᠭ᠎ᠠ ᠨᠤᠭᠤᠳ ᠬᠡᠯᠡᠵᠦ ᠪᠠᠢᠢᠯ᠎ᠠ᠃
ᠴᠢᠨᠠᠬᠰᠢᠳᠠ ᠬᠦᠨᠡᠰᠦᠨ ᠤ ᠦᠢᠯᠡᠳᠪᠦᠷᠢᠯᠡᠯ ᠦ᠋ᠨ ᠴᠣᠭᠴᠠᠯᠠᠪᠤᠷᠢ ᠨᠤᠭᠤᠳ ᠪᠠᠢᠢᠭᠤᠯᠬᠤ᠂ ᠲᠥᠷᠦ ᠶ᠋ᠢᠨ ᠬᠤᠳᠠᠯᠳᠤᠨ ᠠᠪᠤᠯᠲᠠ ᠶ᠋ᠢ ᠡᠬᠡ ᠣᠷᠤᠨᠴᠢ ᠬᠤᠳᠠᠯᠳᠤᠨ ᠠᠪᠤᠯᠲᠠ ᠳ᠋ᠤ ᠴᠢᢉᠯᠡᢉᠦᠯᠬᠦ᠂ ᠬᠥᠩᠭᠡᠨ ᠦᠢᠯᠡᠳᠪᠦᠷᠢᠯᠡᠯ ᠦ᠋ᠨ ᠰᠠᠯᠪᠤᠷᠢ ᠶ᠋ᠢ ᠬᠦᠨᠡᠰᠦᠨ ᠤ ᠦᠢᠯᠡᠳᠪᠦᠷᠢᠯᠡᠯ ᠦ᠋ᠨ ᠰᠠᠯᠪᠤᠷᠢ ᠲᠠᠢ ᠠᠳᠠᠯᠢ ᠬᠡᠮᠵᠢᠶᠡᠨ ᠳ᠋ᠦ ᠠᠪᠴᠤ ᠦᠵᠡᠨ ᠳᠡᠮᠵᠢᠯᠭᠡ ᠦᠵᠡᢉᠦᠯᠬᠦ ᠶ᠋ᠢ ᠮᠣᠩ᠋ᠭᠣᠯ ᠤᠯᠤᠰ ᠤᠨ ᠶᠡᠷᠦᠩᠬᠡᠢᠢᠯᠡᢉᠴᠢ ᠡᠴᠡ ᠬᠦᠰᠡᠪᠡ᠃