Та "Internet explorer"-ийн сүүлийн хувилбар болох "Microsoft edge"-г ашиглана уу

Хэрэв "Microsoft edge"-г татах бол энд дарж татаж авна уу

ᠪᠦᠬᠦᠳᠡ ᠨᠠᠢᠢᠷᠠᠮᠳᠠᠬᠤ ᠲ᠋ᠦ᠋ᠷᠺ ᠤᠯᠤᠰ ᠳᠤ ᠡᠭᠦᠷᠭᠡ ᠪᠡᠶᠡᠯᠡᠭᠦᠯᠡᠭᠰᠡᠨ ᠠᠯᠪᠠ ᠬᠠᠭᠠᠭᠴᠢᠳ ᠲᠤ ᠲᠥᠷᠦ ᠶ᠋ᠢᠨ ᠮᠧᠳ᠋ᠠᠯ ᠭᠠᠷᠳᠠᠭᠤᠯᠪᠠ

ᠮᠣᠩ᠋ᠭᠣᠯ ᠤᠯᠤᠰ ᠤᠨ ᠶᠡᠷᠦᠩᠬᠡᠶᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨ᠋ᠳ᠋ᠯᠠᠭᠴᠢ ᠤᠬᠤᠨ᠎ᠠ ᠶ᠋ᠢᠨ ᠬᠦᠷᠡᠯᠰᠦ᠋ᠬᠡ ᠪᠦᠬᠦᠳᠡ ᠨᠠᠢᠢᠷᠠᠮᠳᠠᠬᠤ ᠲ᠋ᠦ᠋ᠷᠺ ᠤᠯᠤᠰ ᠳᠤ ᠡᠷᠢᠨ ᠬᠠᠶᠢᠬᠤ᠂ ᠠᠪᠤᠷᠠᠬᠤ᠂ ᠡᠮᠨᠡᠯᠭᠡ᠂ ᠬᠦᠮᠦᠨᠯᠢᠭ᠌ ᠤᠨ ᠲᠤᠰᠠᠯᠠᠮᠵᠢ ᠶ᠋ᠢᠨ ᠡᢉᠦᠷᠭᠡ ᢉᠦᠢᠢᠴᠡᠳᠬᠡᢉᠰᠡᠨ ᠪᠡᠶ᠎ᠡ ᠪᠦᠷᠢᠯᠳᠦᠬᠦᠨ ᠳ᠋ᠦ ᠲᠥᠷᠦ ᠶ᠋ᠢᠨ ᠮᠧᠳ᠋ᠠᠯ ᠭᠠᠷᠳᠠᠭᠤᠯᠪᠠ᠃

ᠲᠥᠷᠦ᠂ ᠵᠠᠰᠠᠭ ᠤᠨ ᠥᢉᢉᠦᢉᠰᠡᠨ ᠡᢉᠦᠷᠭᠡ᠂ ᠳᠠᠭᠠᠭᠠᠯᠭᠠᠪᠤᠷᠢ ᠶ᠋ᠢ ᠨᠡᠷ᠎ᠡ ᠲᠥᠷᠦ ᠲᠡᠢ᠂ ᠮᠡᠷᠭᠡᠵᠢᠯ ᠦ᠋ᠨ ᠥᠨᠳᠦᠷ ᠲᠦᠪᠰᠢᠨ ᠳ᠋ᠦ ᠪᠡᠶᠡᠯᠡᢉᠦᠯᠦᢉᠰᠡᠨ ᠓᠕ ᠠᠯᠪᠠ ᠬᠠᠭᠠᠭᠴᠢ ᠶ᠋ᠢ “ᠰᠢᠳᠤᠷᠭᠤ ᠵᠢᠷᠤᠮ”᠂ “ᠴᠡᠷᠢᠭ ᠤᠨ ᠬᠦᠨᠳᠦᠲᠦ” ᠪᠣᠯᠤᠨ “ᠡᠩᠬᠡ ᠶ᠋ᠢᠨ ᠲᠥᠯᠦᠭᠡ” ᠮᠧᠳ᠋ᠠᠯ ᠢᠢᠠᠷ ᠱᠠᠩᠨᠠᠯ ᠠ ᠃

ᠴᠠᠭ ᠠᠭᠠᠷ ᠤᠨ ᠬᠦᠨᠳᠦ ᠨᠥᠬᠦᠴᠡᠯ᠂ ᠭᠠᠵᠠᠷ ᠬᠥᠳᠡᠯᠦᠯᠲᠡ ᠶ᠋ᠢᠨ ᠪᠠᠶᠢᠩ᠋ᠭᠤ ᠶ᠋ᠢᠨ ᠠᠶᠤᠯ᠂ ᠡᠷᠦᠰᠳᠡᠯ ᠦ᠋ᠨ ᠳᠣᠣᠷ᠎ᠠ ᠥᠨᠳᠦᠷ ᠵᠣᠬᠢᠶᠠᠨ ᠪᠠᠶᠢᠭᠤᠯᠤᠯᠲᠠ ᠲᠠᠢ᠂ ᠴᠢᠳᠠᠪᠤᠷᠢᠯᠢᠭ ᠠᠵᠢᠯᠯᠠᠵᠤ᠂ ᠣᠯᠠᠨ ᠬᠦᠮᠦᠨ ᠤ ᠠᠮᠢ ᠨᠠᠰᠤ᠂ ᠡᠷᠡᢉᠦᠯ ᠮᠡᠨᠳᠦ ᠶ᠋ᠢ ᠬᠠᠮᠠᠭᠠᠯᠠᠭᠰᠠᠨ ᠪᠡᠶ᠎ᠡ ᠪᠦᠷᠢᠯᠳᠦᠬᠦᠨ ᠳ᠋ᠦ ᠮᠣᠩ᠋ᠭᠣᠯ ᠤᠯᠤᠰ ᠤᠨ ᠶᠡᠷᠦᠩᠬᠡᠶᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨᠳ᠋ᠯᠠᠭᠴᠢ ᠤᠬᠤᠨ᠎ᠠ ᠶ᠋ᠢᠨ ᠬᠦᠷᠡᠯᠰᠤᠢᠬᠡ ᠲᠠᠯᠠᠷᠬᠠᠯ ᠢᠯᠡᠷᠬᠡᠶᠢᠯᠡᠪᠡ᠃
ᠮᠣᠩ᠋ᠭᠤᠯ ᠤᠯᠤᠰ ᠤᠨ ᠪᠠᠭ ᠪᠦᠬᠦᠳᠡ ᠨᠠᠢᠢᠷᠠᠮᠳᠠᠬᠤ ᠲ᠋ᠦ᠋ᠷᠺ ᠤᠯᠤᠰ ᠳᠤ ᠡᢉᠦᠷᠭᠡ ᢉᠦᠶᠢᠴᠡᠳᠬᠡᠬᠦ ᠳ᠋ᠡᠭᠡᠨ ᠨᠠᠶᠢᠮᠠᠨ ᠬᠦᠮᠦᠨ /ᠡᢉᠦᠨ ᠡᠴᠡ ᠭᠤᠷᠪᠠᠨ ᠬᠡᠦᠬᠡᠳ/᠆ ᠢ ᠨᠤᠷᠠᠩᢉᠢ ᠳᠣᠣᠷ᠎ᠠ ᠠ᠋ᠴᠠ ᠭᠠᠷᠭᠠᠨ ᠡᠮᠨᠡᠯᠭᠡ ᠶ᠋ᠢᠨ ᠠᠩᠬᠠᠨ ᠤ᠋ ᠲᠤᠰᠠᠯᠠᠮᠵᠢ ᠦᠵᠡᢉᠦᠯᠵᠦ᠂ ᠑᠙ ᠬᠦᠮᠦᠨ /ᠡᢉᠦᠨ ᠡᠴᠡ ᠵᠢᠷᠭᠤᠭᠠᠨ ᠬᠡᠦᠬᠡᠳ/ ᠤ ᠴᠣᠭᠴᠠᠰ ᠢ᠋ ᠭᠠᠷᠭᠠᠭᠰᠠᠨ ᠶᠤᠮ᠎᠃

ᠴᠡᠷᠢᠭ ᠤᠨ ᠑᠑ ᠠᠯᠪᠠ ᠬᠠᠭᠠᠭᠴᠢ ᠶ᠋ᠢᠨ ᠪᠦᠷᠢᠯᠳᠦᠬᠦᠨ ᠲᠡᠢ ᠡᠮᠨᠡᠯᠭᠡ ᠶ᠋ᠢᠨ ᠪᠠᠭ ᠗᠒ ᠬᠡᠦᠬᠡᠳ᠂ ᠓᠕᠙ ᠡᠷᠡᢉᠲᠡᠢ᠂ ᠒᠑᠘ ᠡᠮᠡᢉᠲᠡᠢ᠂ ᠨᠡᠶᠢᠲᠡ ᠖᠔᠙ ᠬᠦᠮᠦᠨ ᠳ᠋ᠦ ᠡᠮᠨᠡᠯᠭᠡ ᠶ᠋ᠢᠨ ᠲᠤᠰᠠᠯᠠᠮᠵᠢ᠂ ᠦᠢᠯᠡᠴᠢᠯᠡᠭᠡ ᠦᠵᠡᢉᠦᠯᠵᠡᠢ᠃

ᠮᠥᠨ ᠮᠣᠩ᠋ᠭᠣᠯ ᠤᠨ ᠠᠷᠠᠳ ᠲᠦᠮᠡᠨ ᠤ ᠢᠯᠡᠭᠡᢉᠰᠡᠨ ᠬᠦᠮᠦᠨᠯᠢᠭ ᠤᠨ ᠲᠤᠰᠠᠯᠠᠮᠵᠢ ᠶ᠋ᠢᠨ ᠪᠠᠷᠠᠭ᠎ᠠ᠂ ᠮᠠᠲ᠋ᠧᠷᠢᠠᠯ ᠢ᠋ ᠬᠣᠯᠪᠤᠭᠳᠠᠬᠤ ᠪᠠᠶᠢᠭᠤᠯᠤᠯᠭ᠎ᠠ ᠨᠤᠭᠤᠳ ᠲᠤ ᠬᠦᠯᠢᠶᠡᠯᠭᠡᠨ ᠥᢉᢉᠦᢉᠰᠡᠨ ᠶᠤᠮ᠎᠃