Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᢉᠴᠢ ᠶ᠋ᠢᠨ ᠰᠠᠨᠠᠭᠠᠴᠢᠯᠭ᠎ᠠ ᠪᠠᠷ ᠤᠰᠤᠨ ᠤ ᠰᠠᠯᠪᠤᠷᠢ ᠶ᠋ᠢᠨ ᠦᠨᠳᠦᠰᠦᠨ ᠤ ᠴᠢᠭᠤᠯᠭᠠᠨ ᠵᠣᠬᠢᠶᠠᠨ ᠪᠠᠢᠢᠭᠤᠯᠤᠨ᠎ᠠ

᠒᠐᠒᠓ ᠣᠨ ᠤ᠋ ᠐᠓ ᠳ᠋ᠤᠭᠠᠷ ᠰᠠᠷ᠎ᠠ ᠶ᠋ᠢᠨ ᠒᠒ ᠆ ᠤ ᠡᠳᠦᠷ ᠲᠣᠬᠢᠶᠠᠬᠤ ᠳᠡᠯᠡᠬᠡᠢ ᠶ᠋ᠢᠨ ᠤᠰᠤᠨ ᠤ᠋ ᠡᠳᠦᠷ ᠢ᠋ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠤᠢᠬᠡ ᠶ᠋ᠢᠨ ᠰᠠᠨᠠᠭᠠᠴᠢᠯᠭ᠎ᠠ ᠪᠠᠷ “ᠴᠡᠩᠬᠡᠷ ᠠᠯᠲᠠ” ᠤᠰᠤᠨ ᠤ᠋ ᠰᠠᠯᠪᠤᠷᠢ ᠶ᠋ᠢᠨ ᠦᠨᠳᠦᠰᠦᠨ ᠤ ᠴᠢᠭᠤᠯᠭᠠᠨ ᠢ᠋ ᠒᠐᠒᠓ ᠣᠨ ᠤ᠋ ᠐᠓ ᠳ᠋ᠤᠭᠠᠷ ᠰᠠᠷ᠎ᠠ ᠶ᠋ᠢᠨ ᠒᠐ ᠒᠔- ᠤ ᠡᠳᠦᠷ ᠵᠣᠬᠢᠶᠠᠨ ᠪᠠᠢᠢᠭᠤᠯᠤᠨ᠎ᠠ᠃

ᠴᠢᠭᠤᠯᠭᠠᠨ ᠢ᠋ ᠤᠭᠲᠤᠵᠤ:
“ᠭᠠᠵᠠᠷ ᠤᠨ ᠳᠣᠣᠷᠠᠬᠢ ᠤᠰᠤᠨ ᠤ᠋ ᠨᠥᠭᠡᠴᠡ ᠪᠠ ᠲᠤᠯᠭᠠᠮᠳᠠᠭᠰᠠᠨ ᠠᠰᠠᠭᠤᠳᠠᠯ ᠤᠳ ” ᠰᠡᠳᠦᠪᠲᠦ ᠰᠠᠯᠪᠤᠷᠢ ᠬᠤᠷᠠᠯᠳᠤᠭᠠᠨ ᠒᠐᠒᠓ ᠣᠨ ᠤ᠋ ᠐᠓ ᠳ᠋ᠤᠭᠠᠷ ᠰᠠᠷ᠎ᠠ ᠶ᠋ᠢᠨ ᠒᠐- ᠤ᠋ ᠡᠳᠦᠷ᠂
“ᠭᠠᠳᠠᠷᠭᠤ ᠶ᠋ᠢᠨ ᠤᠰᠤᠨ ᠤ᠋ ᠨᠥᠭᠡᠴᠡ ᠪᠠ ᠲᠤᠯᠭᠠᠮᠳᠠᠭᠰᠠᠨ ᠠᠰᠠᠭᠤᠳᠠᠯ ᠤᠳ ” ᠰᠡᠳᠦᠪᠲᠦ ᠰᠠᠯᠪᠤᠷᠢ ᠬᠤᠷᠠᠯᠳᠤᠭᠠᠨ ᠒᠐᠒᠓ ᠣᠨ ᠤ᠋ ᠐᠓ ᠳ᠋ᠤᠭᠠᠷ ᠰᠠᠷ᠎ᠠ ᠶ᠋ᠢᠨ ᠒᠑- ᠤ ᠡᠳᠦᠷ᠂
“ᠤᠰᠤᠨ ᠤ᠋ ᠰᠠᠯᠪᠤᠷᠢ ᠶ᠋ᠢᠨ ᠡᠷᠬᠡ ᠵᠦᠢ ᠶ᠋ᠢᠨ ᠣᠷᠴᠢᠨ ᠪᠠ ᠲᠤᠯᠭᠠᠮᠳᠠᠭᠰᠠᠨ ᠠᠰᠠᠭᠤᠳᠠᠯ ᠤᠳ ” ᠰᠡᠳᠦᠪᠲᠦ ᠰᠠᠯᠪᠤᠷᠢ ᠬᠤᠷᠠᠯᠳᠤᠭᠠᠨ ᠒᠐᠒᠓ ᠣᠨ ᠤ᠋ ᠐᠓ ᠳ᠋ᠤᠭᠠᠷ ᠰᠠᠷ᠎ᠠ ᠶ᠋ᠢᠨ ᠒᠒- ᠤ ᠡᠳᠦᠷ ᠴᠡᠩᠭᠡᢉ ᠤᠰᠤᠨ ᠤ᠋ ᠨᠥᠭᠡᠴᠡ᠂ ᠪᠠᠢᠢᠭᠠᠯᠢ ᠬᠠᠮᠠᠭᠠᠯᠠᠬᠤ ᠲᠥᠪ ᠲᠦ ᠐᠙:᠓᠐᠆᠑᠓:᠐᠐ ᠴᠠᠭ ᠲᠤ ᠪᠣᠯᠤᠨ᠎ᠠ᠃
ᠬᠠᠷᠢᠨ “ᠴᠡᠩᠬᠡᠷ ᠠᠯᠲᠠ” ᠤᠰᠤᠨ ᠤ᠋ ᠰᠠᠯᠪᠤᠷᠢ ᠶ᠋ᠢᠨ ᠦᠨᠳᠦᠰᠦᠨ ᠤ ᠴᠢᠭᠤᠯᠭᠠᠨ ᠢ᠋ ᠒᠐᠒᠓ ᠣᠨ ᠤ᠋ ᠐᠓ ᠳᠤᠭᠠᠷ ᠰᠠᠷ᠎ᠠ ᠶ᠋ᠢᠨ ᠒᠔- ᠤ ᠡᠳᠦᠷ ᠻᠣᠷᠫᠤᠷᠧᠢᠢᠲ ᠻᠣᠨ᠋ᠸᠧᠨᠱᠢᠨ ᠼᠧᠨ᠋ᠲ᠋ᠷ ᠲᠤ ᠵᠣᠬᠢᠶᠠᠨ ᠪᠠᠢᠢᠭᠤᠯᠤᠨ᠎ᠠ᠃

ᠬᠦᠮᠦᠨ ᠠᠮᠠ᠂ ᠦᠢᠯᠡᠳᠪᠦᠷᠢ᠂ ᠪᠠᠢᠢᠭᠤᠯᠤᠯᠭ᠎ᠠ᠂ ᠠᠵᠤ ᠠᠬᠤᠢ ᠶ᠋ᠢᠨ ᠨᠢᠭᠡᠴᠡ ᠨᠦᢉᠦᠳ ᠢ᠋ ᠪᠠᠲᠤᠯᠠᠭᠠᠲᠠᠢ᠂ ᠬᠦᠷᠦᠯᠴᠡᠭᠡ ᠲᠡᠢ ᠤᠰᠤ ᠪᠠᠷ ᠨᠠᠢᠢᠳᠠᠪᠤᠷᠢᠲᠠᠢ ᠬᠠᠩ᠋ᠭᠠᠬᠤ᠂ ᠠᠭᠤᠷ ᠠᠮᠢᠰᠬᠤᠯ ᠤᠨ ᠥᠭᠡᠷᠡᠴᠢᠯᠡᠯᠲᠡ ᠳ᠋ᠦ ᠳᠠᠰᠤᠨ ᠵᠣᠬᠢᠴᠠᠭᠰᠠᠨ᠂ ᠡᠻᠤᠰᠢᠰᠲ᠋ᠧᠮ ᠦ᠋ᠨ ᠲᠡᠩᠴᠡᠪᠦᠷᠢᠲᠦ ᠪᠠᠢᠢᠳᠠᠯ ᠢ᠋ ᠲᠣᠭᠲᠠᠪᠤᠷᠢ ᠲᠠᠢ ᠬᠠᠳᠠᠭᠠᠯᠠᠬᠤ ᠳ᠋ᠤ ᠴᠢᢉᠯᠡᢉᠰᠡᠨ ᠪᠣᠳᠤᠯᠭ᠎ᠠ ᠬᠡᠷᠡᢉᠵᠢᢉᠦᠯᠵᠦ᠂ ᠤᠰᠤᠨ ᠤ᠋ ᠨᠥᠭᠡᠴᠡ ᠶ᠋ᠢ ᠬᠠᠮᠠᠭᠠᠯᠠᠬᠤ᠂ ᠬᠡᠮᠨᠡᠯᠲᠡ ᠲᠡᠢ᠂ ᠵᠦᠢ ᠵᠣᠬᠢᠰᠲᠠᠢ ᠠᠰᠢᠭᠯᠠᠬᠤ ᠳ᠋ᠤ ᠲᠠᠯ᠎ᠠ ᠨᠤᠭᠤᠳ ᠤᠨ ᠣᠷᠤᠯᠴᠠᠭ᠎ᠠ ᠶ᠋ᠢ ᠬᠠᠩ᠋ᠭᠠᠨ᠂ ᠬᠠᠮᠲᠤ ᠶ᠋ᠢᠨ ᠠᠵᠢᠯᠯᠠᠭ᠎ᠠ ᠶ᠋ᠢ ᠨᠡᠮᠡᢉᠳᠡᢉᠦᠯᠬᠦ ᠱᠠᠭᠠᠷᠳᠠᠯᠭ᠎ᠠ ᠵᠦᠢ ᠶᠣᠰᠤ ᠪᠠᠷ ᠲᠠᠯᠪᠢᠭᠳᠠᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᢉᠴᠢ ᠶ᠋ᠢᠨ ᠲᠠᠮᠠᠭ᠎ᠠ ᠶ᠋ᠢᠨ ᠭᠠᠵᠠᠷ᠂ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ᠂ ᠤᠰᠤᠨ ᠤ᠋ ᠭᠠᠵᠠᠷ ᠬᠠᠮᠲᠤᠷᠠᠨ ᠵᠣᠬᠢᠶᠠᠨ ᠪᠠᠢᠢᠭᠤᠯᠬᠤ ᠴᠢᠭᠤᠯᠭᠠᠨ ᠳ᠋ᠤ ᠤᠰᠤᠨ ᠤ᠋ ᠰᠠᠯᠪᠤᠷᠢ ᠶ᠋ᠢᠨ ᠲᠥᠷᠦ ᠶ᠋ᠢᠨ ᠪᠣᠯᠤᠨ ᠲᠥᠷᠦ ᠶ᠋ᠢᠨ ᠪᠤᠰᠤ ᠪᠠᠢᠢᠭᠤᠯᠤᠯᠭ᠎ᠠ᠂ ᠡᠷᠳᠡᠮᠲᠡᠨ᠂ ᠰᠤᠳᠤᠯᠤᠭᠠᠴᠢᠳ ᠪᠣᠯᠤᠨ ᠢᠷᠭᠡᠳ᠂ ᠠᠵᠤ ᠠᠬᠤᠢ ᠶ᠋ᠢᠨ ᠨᠢᠭᠡᠴᠡ᠂ ᠪᠠᠢᠢᠭᠤᠯᠤᠯᠭ᠎ᠠ᠂ ᠣᠯᠠᠨ ᠤᠯᠤᠰ ᠤᠨ ᠲᠥᠰᠦᠯ᠂ ᠬᠥᠲᠦᠯᠪᠦᠷᠢ ᠶ᠋ᠢᠨ ᠲᠥᠯᠦᠭᠡᠯᠡᠯ ᠪᠦᠬᠦᠢ ᠘᠐᠐ ᠭᠠᠷᠤᠢ ᠬᠦᠮᠦᠨ ᠣᠷᠤᠯᠴᠠᠨ᠎ᠠ᠃

ᠮᠣᠩ᠋ᠭᠣᠯ ᠤᠯᠤᠰ ᠤᠨ ᠨᠤᠲᠤᠭ ᠳᠡᠪᠢᠰᠬᠡᠷ ᠦ᠋ᠨ ᠗᠗ ᠣᠷᠴᠢᠮ ᠬᠤᠪᠢ ᠨᠢ ᠴᠥᠯᠵᠢᠵᠦ᠂ ᠳᠣᠷᠤᠢᠢᠲᠠᠭᠰᠠᠨ ᠪᠥᠭᠡᠳ ᠒᠐᠒᠒ ᠣᠨ ᠤ᠋ ᠪᠠᠢᠢᠳᠠᠯ ᠢᠢᠠᠷ ᠓᠖᠒ ᠭᠣᠣᠯ᠂ ᠭᠣᠷᠤᠬ᠎ᠠ᠂ ᠨᠠᠭᠤᠷ᠂ ᠲᠣᠭᠤᠷᠢᠮ᠂ ᠪᠤᠯᠠᠭ᠂ ᠱᠠᠩᠳᠠ ᠰᠢᠷᢉᠢᠭᠡᠳ ᠪᠠᠢᠢᠨ᠎ᠠ᠃