Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬᠠ‍᠂ᠪᠠᠲᠤᠲᠤᠯᠭ᠎ᠠ ᠮᠠᠯᠴᠢᠳ ᠤᠨ ᠤᠯᠤᠰ ᠤᠨ ᠵᠥᠪᠯᠡᠭᠡᠨ ᠢ ᠨᠡᠭᠡᠭᠡᠵᠦ ᠦᠭᠡ ᠬᠡᠯᠡᠪᠡ

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ ᠥᠨᠥᠳᠥᠷ ᠲᠥᠷᠥ ᠢᠢᠨ ᠣᠷᠳᠣᠨ ᠤ ᠶᠡᠬᠡ ᠲᠠᠩᠬᠢᠮ ᠳᠤ ᠪᠣᠯᠵᠤ ᠪᠤᠢ 《ᠮᠠᠯ ᠠᠵᠤ ᠠᠬᠤᠢ ᠢᠢᠨ ᠲᠣᠭᠲᠠᠪᠤᠷᠢᠲᠠᠢ ᠬᠥᠭ᠍ᠵᠢᠯ-2018》 ᠮᠠᠯᠴᠢᠳ ᠤᠨ ᠤᠯᠤᠰ ᠤᠨ ᠵᠥᠪᠯᠡᠭᠡᠨ ᠢ ᠨᠡᠭᠡᠭᠡᠵᠦ ᠦᠭᠡ ᠬᠡᠯᠡᠯ᠎ᠡ᠃

 

ᠵᠥᠪᠯᠡᠭᠡᠨ ᠳᠥ ᠮᠠᠯ ᠠᠵᠤ ᠠᠬᠤᠢ ᠢᠢᠨ ᠰᠠᠯᠪᠤᠷᠢ ᠳᠤ ᠠᠵᠢᠯᠯᠠᠵᠤ ᠪᠤᠢ 150 ᠭᠠᠷᠤᠢ ᠡᠷᠳᠡᠮᠲᠡᠨ᠂ ᠮᠡᠷᠭᠡᠵᠢᠯᠲᠡᠨ ᠨᠦᠭᠦᠳ᠂ ᠤᠯᠤᠰ ᠤᠨ ᠥᠨᠴᠥᠭ ᠪᠤᠯᠤᠨ ᠪᠦᠷᠢ ᠡᠴᠡ ᠬᠦᠷᠦᠯᠴᠡᠨ ᠢᠷᠡᠭᠰᠡᠨ 700 ᠭᠠᠷᠤᠢ ᠮᠠᠯᠴᠢᠨ ᠣᠷᠣᠯᠴᠠᠵᠤ ᠪᠠᠢᠢᠨ᠎ᠠ᠃ ᠵᠥᠪᠯᠡᠭᠡᠨ ᠢᠶᠡᠷ ᠮᠠᠯ ᠠᠵᠤ ᠠᠬᠤᠢ ᠢᠢᠨ ᠰᠠᠯᠪᠤᠷᠢ ᠢᠢᠨ ᠰᠠᠭᠤᠷᠢ ᠬᠠᠤᠯᠢ ᠨᠤᠭᠤᠳ ᠢ ᠬᠡᠷᠡᠭᠵᠢᠭᠦᠯᠬᠦ ᠳᠥ ᠠᠪᠴᠤ ᠬᠡᠷᠡᠭᠵᠢᠭᠦᠯᠬᠦ ᠠᠷᠭ᠎ᠠ ᠬᠡᠮᠵᠢᠶ᠎ᠡ᠂ ᠪᠡᠯᠴᠢᠭᠡᠷ ᠦᠨ ᠲᠤᠬᠠᠢ ᠬᠠᠤᠯᠢ᠂ ᠪᠡᠯᠴᠢᠭᠡᠷ ᠦᠨ ᠲᠥᠯᠥᠪᠦᠷᠢ᠂ ᠲᠥᠷᠥ ᠡᠴᠡ ᠮᠠᠯᠴᠢᠳ ᠤᠨ ᠨᠡᠢᠢᠭᠡᠮ᠂ ᠡᠷᠡᠭᠦᠯ ᠮᠡᠨᠳᠦ᠂ ᠪᠣᠯᠪᠠᠰᠤᠷᠠᠯ ᠤᠨ ᠲᠠᠯ᠎ᠠ ᠪᠠᠷ ᠪᠠᠷᠢᠮᠲᠠᠯᠠᠵᠤ ᠪᠤᠢ ᠪᠣᠳᠣᠯᠭ᠎ᠠ ᠵᠡᠷᠭᠡ ᠠᠰᠠᠭᠤᠳᠠᠯ ᠤᠳ ᠢ ᠬᠡᠯᠡᠯᠴᠡᠬᠦ ᠶᠤᠮ ᠪᠠᠢᠢᠨ᠎ᠠ᠃

 

ᠮᠠᠯᠴᠢᠳ ᠤᠨ ᠤᠯᠤᠰ ᠤᠨ ᠵᠥᠪᠯᠡᠭᠡᠨ ᠢ ᠨᠡᠭᠡᠭᠡᠵᠦ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ᠄

 

《ᠡᠷᠬᠢᠮ ᠬᠦᠨᠳᠦᠳ ᠮᠠᠯᠴᠢᠳ ᠠ᠋᠂

 

ᠵᠥᠪᠯᠡᠭᠡᠨ ᠦ ᠵᠣᠴᠢᠳ᠂ ᠲᠥᠯᠥᠭᠡᠯᠡᠭᠴᠢᠳ ᠡ᠂

 

ᠮᠣᠩᠭ᠋ᠣᠯ ᠤᠯᠤᠰ ᠤᠨ ᠰᠤᠮᠤ ᠪᠦᠷᠢ ᠡᠴᠡ ᠬᠦᠷᠦᠯᠴᠡᠨ ᠢᠷᠡᠭᠰᠡᠨ ᠮᠠᠯᠴᠢᠳ ᠲᠠ ᠪᠦᠬᠦᠨ ᠦ ᠠᠮᠤᠷ ᠢ ᠠᠢᠢᠯᠠᠳᠬᠠᠶ᠎ᠠ᠃ ᠮᠠᠯ ᠰᠦᠷᠦᠭ ᠲᠠᠷᠭᠤᠨ ᠲᠠᠪᠠᠲᠠᠢ᠂ ᠬᠦᠮᠦᠨ ᠵᠣᠨ ᠡᠩᠬᠡ ᠳᠡᠯᠭᠡᠷ ᠰᠠᠢᠢᠬᠠᠨ ᠵᠤᠰᠠᠵᠤ ᠪᠠᠢᠢᠨ᠎ᠠ ᠤᠤ?

 

ᠬᠥᠳᠡᠭᠡ ᠠᠵᠤ ᠠᠬᠤᠢ᠂ ᠭᠠᠵᠠᠷ ᠲᠠᠷᠢᠶᠠᠯᠠᠩ ᠲᠡᠷᠡ ᠳᠤᠮᠳᠠ ᠪᠠᠨ ᠮᠠᠯ ᠠᠵᠤ ᠠᠬᠤᠢ ᠢᠢ ᠡᠳ᠋ ᠍ ᠦᠨ ᠵᠠᠰᠠᠭ ᠤᠨ ᠭᠣᠣᠯᠯᠠᠬᠤ ᠰᠠᠯᠪᠤᠷᠢ ᠪᠣᠯᠭᠠᠨ ᠬᠥᠭ᠍ᠵᠢᠭᠦᠯᠬᠦ ᠱᠠᠭᠠᠷᠳᠠᠯᠭ᠎ᠠ ᠲᠠᠢ ᠭᠡᠵᠦ ᠳᠡᠭᠡᠷ᠎ᠡ᠂ ᠳᠣᠣᠷ᠎ᠠ ᠦᠭᠡᠢ ᠶᠠᠷᠢᠵᠤ ᠪᠠᠢᠢᠭ᠎ᠠ ᠡᠨᠡ ᠴᠠᠭ ᠦᠶ᠎ᠡ ᠳᠥ ᠮᠠᠯᠴᠢᠳ ᠤᠨ ᠤᠯᠤᠰ ᠤᠨ ᠵᠥᠪᠯᠡᠭᠡᠨ ᠪᠣᠯᠵᠤ ᠪᠠᠢᠢᠭ᠎ᠠ ᠨᠢ ᠪᠣᠳᠠᠲᠠᠢ ᠰᠢᠢᠳᠦᠯ᠂ ᠭᠠᠷᠴᠠ ᠭᠠᠷᠭᠠᠯᠭ᠎ᠠ ᠢᠢ ᠣᠯᠬᠤ ᠳᠤ ᠶᠡᠬᠡᠬᠡᠨ ᠠᠴᠢ ᠬᠣᠯᠪᠣᠭᠳᠠᠯ ᠲᠠᠢ ᠶᠤᠮ᠃ ᠡᠢᠢᠮᠦ ᠴᠤ ᠤᠴᠢᠷ ᠠᠴᠠ ᠮᠠᠯᠴᠢᠳ ᠤᠨ ᠤᠯᠤᠰ ᠤᠨ ᠵᠥᠪᠯᠡᠭᠡᠨ ᠢ ᠨᠡᠭᠡᠭᠡᠵᠦ ᠨᠠᠳᠠ ᠪᠠᠷ ᠦᠭᠡ ᠬᠡᠯᠡᠭᠦᠯᠵᠦ᠂ ᠮᠣᠩᠭ᠋ᠣᠯ ᠤᠯᠤᠰ ᠤᠨ ᠶᠡᠷᠦᠩᠬᠡᠢ ᠰᠠᠢᠢᠳ᠂ ᠰᠠᠯᠪᠤᠷᠢ ᠬᠠᠷᠢᠭᠤᠴᠠᠭᠰᠠᠨ ᠰᠠᠢᠢᠳ ᠨᠢ ᠣᠷᠣᠯᠴᠠᠵᠤ ᠪᠠᠢᠢᠭ᠎ᠠ ᠪᠠᠢᠢᠬᠤ ᠭᠡᠵᠦ ᠪᠣᠳᠣᠵᠤ ᠪᠠᠢᠢᠨ᠎ᠠ᠃ ᠡᠨᠡ ᠵᠥᠪᠯᠡᠭᠡᠨ ᠡᠴᠡ ᠰᠢᠢᠳᠦᠯ᠂ ᠭᠠᠷᠴᠠ᠂ ᠰᠠᠯᠪᠤᠷᠢ ᠢᠢᠨ ᠬᠥᠭ᠍ᠵᠢᠯ ᠲᠡᠢ ᠬᠣᠯᠪᠣᠭ᠎ᠠ ᠲᠠᠢ ᠰᠠᠨᠠᠯ ᠣᠯᠠᠨ᠂ ᠣᠯᠠᠨ ᠭᠠᠷᠤᠭᠠᠰᠠᠢ ᠭᠡᠵᠦ ᠬᠦᠰᠡᠵᠦ ᠪᠠᠢᠢᠨ᠎ᠠ᠃

 

ᠪᠡᠶᠡᠯᠡᠭᠦᠯᠳᠡᠭ᠂ ᠬᠡᠷᠡᠭᠵᠢᠭᠦᠯᠳᠡᠭ ᠪᠣᠯ ᠮᠠᠯ ᠠᠵᠤ ᠠᠬᠤᠢ ᠢᠢ ᠬᠥᠭ᠍ᠵᠢᠭᠦᠯᠬᠦ ᠲᠠᠯ᠎ᠠ ᠪᠠᠷ ᠴᠥᠭᠡᠨ ᠦᠭᠡᠢ ᠪᠣᠳᠣᠯᠭ᠎ᠠ ᠬᠥᠲᠥᠯᠪᠦᠷᠢ ᠢᠢ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠠᠴᠠ ᠪᠠᠲᠤᠯᠠᠭᠰᠠᠨ ᠪᠠᠢᠢᠳᠠᠭ᠃ 2009 ᠣᠨ ᠳᠤ 《ᠲᠥᠷᠥ ᠡᠴᠡ ᠮᠠᠯᠴᠢᠳ ᠤᠨ ᠲᠠᠯ᠎ᠠ ᠪᠠᠷ ᠪᠠᠷᠢᠮᠲᠠᠯᠠᠬᠤ ᠪᠣᠳᠣᠯᠭ᠎ᠠ》᠂ 2010 ᠣᠨ ᠳᠤ 《ᠮᠣᠩᠭ᠋ᠣᠯ ᠮᠠᠯ》 ᠦᠨᠳᠦᠰᠦᠨ ᠦ ᠬᠥᠲᠥᠯᠪᠦᠷᠢ᠂ ᠮᠥᠨ 2015 ᠣᠨ ᠳᠤ ᠪᠢ ᠦᠢᠯᠡᠳᠪᠦᠷᠢ᠂ ᠬᠥᠳᠡᠭᠡ ᠠᠵᠤ ᠠᠬᠤᠢ ᠢᠢᠨ ᠰᠠᠢᠢᠳ ᠢᠶᠠᠷ ᠠᠵᠢᠯᠯᠠᠵᠤ ᠪᠠᠢᠢᠬᠤ ᠳᠤ ᠪᠠᠨ 《ᠲᠥᠷᠦ ᠡᠴᠡ ᠬᠦᠨᠡᠰᠦ᠂ ᠬᠥᠳᠡᠭᠡ ᠠᠵᠤ ᠠᠬᠤᠢ ᠢᠢᠨ ᠲᠠᠯ᠎ᠠ ᠪᠠᠷ ᠪᠠᠷᠢᠮᠲᠠᠯᠠᠬᠤ ᠪᠣᠳᠤᠯᠭ᠎ᠠ》 ᠢᠢ ᠪᠣᠯᠪᠠᠰᠤᠷᠠᠭᠤᠯᠵᠤ ᠤᠯᠤᠰ ᠤᠨ ᠶᠡᠬᠡ ᠬᠤᠷᠠᠯ ᠪᠠᠷ ᠪᠠᠲᠤᠯᠠᠭᠤᠯᠵᠤ ᠪᠠᠢᠢᠭᠰᠠᠨ᠃ ᠡᠨᠡ ᠪᠣᠳᠣᠯᠭ᠎ᠠ 2016 ᠣᠨ ᠠᠴᠠ ᠡᠬᠢᠯᠡᠨ ᠬᠦᠴᠦᠨ ᠲᠡᠭᠦᠯᠳᠡᠷ ᠪᠣᠯᠵᠤ ᠬᠡᠷᠡᠭᠵᠢᠵᠦ ᠡᠬᠢᠯᠡᠭᠰᠡᠨ ᠪᠠᠢᠢᠬᠤ ᠤᠴᠢᠷᠲᠠᠢ᠃ ᠭᠡᠲᠡᠯ᠎ᠡ ᠠᠮᠢᠳᠤᠷᠠᠯ ᠳᠡᠭᠡᠷ᠎ᠡ ᠶᠠᠮᠠᠷ ᠨᠢᠭᠡ ᠬᠡᠷᠡᠭᠵᠢᠯᠲᠡ᠂ ᠥᠭᠡᠷᠡᠴᠢᠯᠡᠯᠲᠡ ᠭᠠᠷᠤᠭᠰᠠᠨ ᠤᠤ ᠭᠡᠳᠡᠭ ᠢ ᠪᠢᠳᠡ ᠡᠷᠭᠢᠨ ᠬᠠᠷᠠᠬᠤ ᠬᠡᠷᠡᠭᠲᠡᠢ᠃ ᠶᠠᠭ ᠮᠠᠯ ᠳᠡᠭᠡᠷ᠎ᠡ ᠪᠠᠢᠢᠭ᠎ᠠ ᠢᠢᠨ ᠬᠤᠪᠢ ᠳᠤ ᠲᠠ ᠪᠦᠬᠦᠨ ᠳᠥ ᠮᠡᠳᠡᠵᠦ᠂ ᠮᠡᠳᠡᠷᠡᠭᠳᠡᠵᠦ ᠪᠠᠢᠢᠭ᠎ᠠ ᠥᠰᠦᠯᠲᠡ᠂ ᠠᠬᠢᠴᠠ ᠶᠠᠭᠤ ᠪᠠᠢᠢᠭ᠎ᠠ ᠢᠢ ᠶᠠᠷᠢᠯᠴᠠᠵᠤ᠂ ᠡᠨᠡ ᠲᠠᠯ᠎ᠠ ᠪᠠᠷ ᠳᠣᠷᠪᠢᠲᠠᠢ᠂ ᠨᠤᠬᠤᠴᠠᠲᠠᠢ ᠬᠡᠯᠡᠯᠴᠡᠵᠦ᠂ ᠨᠢᠭᠡᠨᠲᠡ ᠭᠠᠷᠭᠠᠭᠰᠠᠨ ᠪᠣᠳᠣᠯᠭ᠎ᠠ᠂ ᠰᠢᠢᠳᠪᠦᠷᠢ ᠢᠢ ᠬᠡᠷᠡᠭᠵᠢᠭᠦᠯᠬᠦ ᠳᠥ ᠬᠡᠨ᠂ ᠶᠠᠭᠤ ᠰᠠᠭᠠᠳ ᠪᠣᠯᠤᠭᠠᠳ ᠪᠠᠢᠢᠭ᠎ᠠ ᠢᠢ ᠲᠣᠭᠲᠠᠭᠠᠵᠤ᠂ ᠵᠠᠮ ᠮᠥᠷ ᠢᠶᠡᠨ ᠰᠢᠯᠤᠭᠤᠳᠬᠠᠬᠤ ᠦᠭᠡᠢ ᠪᠣᠯ ᠤᠷᠤᠰᠬᠠᠯ ᠢᠶᠠᠷ ᠢᠶᠠᠨ᠂ ᠠᠶᠠᠰ ᠢᠶᠠᠷ ᠢᠶᠠᠨ ᠬᠥᠭ᠍ᠵᠢᠳᠡᠭ ᠰᠠᠯᠪᠤᠷᠢ ᠭᠡᠵᠦ ᠪᠠᠢᠢᠬᠤ ᠦᠭᠡᠢ᠃

 

《ᠲᠥᠷᠥ ᠡᠴᠡ ᠬᠦᠨᠡᠰᠦ᠂ ᠬᠥᠳᠡᠭᠡ ᠠᠵᠤ ᠠᠬᠤᠢ ᠢᠢᠨ ᠲᠠᠯ᠎ᠠ ᠪᠠᠷ 2025 ᠣᠨ ᠬᠦᠷᠲᠡᠯ᠎ᠡ ᠪᠠᠷᠢᠮᠲᠠᠯᠠᠬᠤ ᠪᠣᠳᠣᠯᠭ᠎ᠠ》 ᠍ ᠳᠥ 《ᠤᠯᠠᠮᠵᠢᠯᠠᠯᠲᠤ ᠥᠪ ᠰᠤᠶᠤᠯ ᠢ ᠬᠠᠳᠠᠭᠠᠯᠠᠭᠰᠠᠨ᠂ ᠠᠭᠤᠷ ᠠᠮᠢᠰᠬᠤᠯ ᠤᠨ ᠥᠭᠡᠷᠡᠴᠢᠯᠡᠯᠲᠡ ᠳᠥ ᠳᠠᠰᠤᠨ ᠵᠣᠬᠢᠴᠠᠭᠰᠠᠨ ᠪᠡᠯᠴᠢᠭᠡᠷ ᠦᠨ ᠮᠠᠯ ᠠᠵᠤ ᠠᠬᠤᠢ ᠢᠢ ᠵᠣᠩᠬᠢᠯᠠᠨ ᠡᠷᠬᠢᠯᠡᠵᠦ᠂ ᠬᠦᠮᠦᠨ ᠠᠮᠠ ᠣᠯᠠᠨ ᠢᠶᠠᠷ ᠰᠠᠭᠤᠷᠢᠰᠢᠭ᠌ᠰᠠᠨ ᠬᠣᠲᠠ᠂ ᠰᠠᠭᠤᠷᠢᠨ ᠭᠠᠵᠠᠷ ᠤᠨ ᠣᠷᠴᠢᠮ ᠤᠨ ᠪᠣᠯᠤᠨ ᠲᠠᠷᠢᠶᠠᠯᠠᠩ ᠤᠨ ᠪᠥᠰᠡ ᠨᠤᠲᠤᠭ ᠲᠤ ᠠᠰᠢᠭ ᠰᠢᠮ᠎ᠡ ᠢᠢᠨ ᠴᠢᠭᠯᠡᠯ ᠢᠶᠡᠷ ᠲᠥᠷᠦᠯᠵᠢᠭᠰᠡᠨ ᠡᠷᠴᠢᠮᠵᠢᠭᠰᠡᠨ ᠠᠵᠤ ᠠᠬᠤᠢ ᠢᠢ ᠬᠥᠭ᠍ᠵᠢᠭᠦᠯᠦᠨ᠎ᠡ》 ᠭᠡᠵᠦ ᠮᠠᠯ ᠠᠵᠤ ᠠᠬᠤᠢ ᠢᠢᠨ ᠰᠠᠯᠪᠤᠷᠢ ᠢᠢᠨ ᠬᠥᠭ᠍ᠵᠢᠯ ᠦᠨ ᠴᠢᠭᠯᠡᠯ ᠢ ᠮᠠᠰᠢ ᠲᠣᠳᠣᠷᠬᠠᠢ ᠭᠠᠷᠭᠠᠭᠠᠳ ᠥᠭᠴᠢᠬᠡᠭ᠍ᠰᠡᠨ ᠪᠠᠢᠢᠭ᠎ᠠ᠃

 

ᠲᠣᠳᠣᠷᠬᠠᠢ ᠦᠷ᠎ᠡ ᠳ᠋ᠦᠩ ᠭᠠᠷᠤᠭᠰᠠᠨ ᠡᠰᠡᠬᠦ ᠲᠠᠯ᠎ᠠ ᠳᠡᠭᠡᠷ᠎ᠡ ᠨᠠᠳᠠ ᠳᠤ ᠬᠡᠳᠦᠨ ᠲᠣᠭ᠎ᠠ ᠢᠷᠡᠭᠦᠯᠦᠯ᠎ᠡ᠃ ᠲᠣᠳᠣᠷᠬᠠᠢ ᠳᠤᠷᠠᠳᠪᠠᠯ᠄

 

2017 ᠣᠨ ᠤ ᠪᠠᠢᠢᠳᠠᠯ ᠢᠶᠠᠷ ᠮᠠᠯ ᠠᠵᠤ ᠠᠬᠤᠢ ᠢᠢᠨ ᠪᠦᠲᠦᠭᠡᠭ᠍ᠳᠡᠬᠦᠨ  ᠦᠢᠯᠡᠳᠪᠦᠷᠢᠯᠡᠯ ᠳᠣᠲᠤᠭᠠᠳᠤ ᠢᠢᠨ ᠨᠡᠢᠢᠲᠠ ᠪᠦᠲᠦᠭᠡᠭ᠍ᠳᠡᠬᠦᠨ ᠍ ᠦ 10.3 ᠬᠤᠪᠢ᠂ ᠬᠥᠳᠡᠭᠡ᠂ ᠠᠵᠤ ᠠᠬᠤᠢ ᠢᠢᠨ ᠦᠢᠯᠡᠳᠪᠦᠷᠢᠯᠡᠯ ᠦᠨ 84.2 ᠬᠤᠪᠢ ᠢᠢ ᠡᠵᠡᠯᠡᠵᠦ ᠪᠠᠢᠢᠨ᠎ᠠ᠃

ᠮᠠᠯ ᠤᠨ ᠲᠣᠭ᠎ᠠ 2017 ᠣᠨ ᠤ ᠵᠢᠯ ᠦᠨ ᠡᠴᠦᠰ ᠦᠨ ᠳ᠋ᠦᠩ ᠢᠢᠡᠷ 66.2 ᠰᠠᠶ᠎ᠠ ᠪᠠᠢᠢᠭ᠎ᠠ ᠨᠢ ᠡᠮᠦᠨᠡᠬᠢ ᠣᠨ ᠠᠴᠠ 7.6 ᠬᠤᠪᠢ ᠪᠠᠷ ᠥᠰᠦᠭᠰᠡᠨ᠃

2016 ᠣᠨ ᠤ ᠳ᠋ᠦᠩ ᠢᠢᠡᠷ 400 ᠮᠢᠩᠭ᠋ᠠᠨ ᠲᠣᠨ ᠮᠢᠬ᠎ᠠ᠂ 891᠂5 ᠰᠠᠶ᠎ᠠ ᠯᠢᠲ᠋ᠷ ᠰᠦᠨ᠂ 38.6 ᠮᠢᠩᠭ᠋ᠠᠨ ᠲᠣᠨ ᠨᠣᠣᠰᠣ᠂ ᠨᠣᠯᠣᠤᠷ᠂ ᠮᠥᠨ 14 ᠰᠠᠶ᠎ᠠ ᠰᠢᠷᠬᠡᠭ᠌ ᠠᠷᠠᠰᠤ ᠰᠢᠷ ᠦᠢᠯᠡᠳᠪᠦᠷᠢᠯᠡᠭᠰᠡᠨ ᠪᠠᠢᠢᠨ᠎ᠠ᠃

ᠮᠠᠯ ᠤᠨ ᠲᠦᠭᠦᠬᠡᠢ ᠡᠳ᠋ ᠍ ᠦᠨ ᠡᠺᠰᠫᠣᠷᠲ ᠠᠴᠠ 2017 ᠣᠨ ᠳᠤ 494᠂8 ᠰᠠᠶ᠎ᠠ ᠠᠮ‍᠂ᠳ᠋ᠣᠯᠯᠠᠷ ᠣᠯᠤᠭᠰᠠᠨ ᠨᠢ ᠡᠮᠦᠨᠡᠬᠢ ᠣᠨ ᠠᠴᠠ 20 ᠣᠷᠴᠢᠮ ᠬᠤᠪᠢ ᠢᠯᠡᠭᠦᠦ ᠪᠠᠢᠢᠨ᠎ᠠ᠃

ᠮᠠᠯ ᠤᠨ ᠮᠢᠬ᠎ᠠ᠂ ᠮᠢᠬᠠᠨ ᠪᠦᠲᠦᠭᠡᠭ᠍ᠳᠡᠬᠦᠨ  ᠦ ᠡᠺᠰᠫᠣᠷᠲ 2017 ᠣᠨ ᠳᠤ ᠰᠡᠭᠦᠯ ᠦᠨ 5 ᠵᠢᠯ ᠦᠨ ᠳᠤᠮᠳᠠᠵᠢ ᠲᠠᠢ ᠬᠠᠷᠢᠴᠠᠭᠤᠯᠬᠤ ᠳᠤ 7 ᠳᠠᠬᠢᠨ ᠨᠡᠮᠡᠭᠳᠡᠭᠰᠡᠨ ᠦᠵᠡᠭᠦᠯᠦᠯᠲᠡ ᠲᠡᠢ ᠪᠠᠢᠢᠭ᠎ᠠ ᠶᠤᠮ ᠪᠠᠢᠢᠨ᠎ᠠ᠃

ᠡᠨᠡ ᠲᠣᠭ᠎ᠠ ᠨᠤᠭᠤᠳ ᠢ ᠬᠠᠷᠠᠵᠤ ᠪᠠᠢᠢᠬᠤ ᠳᠤ ᠵᠠᠰᠠᠭ ᠤᠨ ᠭᠠᠵᠠᠷ ᠠᠴᠠ ᠰᠢᠯᠲᠠᠭᠠᠯᠠᠭᠠᠳ ᠰᠠᠢᠢᠵᠢᠷᠠᠭᠰᠠᠨ᠂ ᠥᠰᠦᠭᠰᠡᠨ ᠵᠦᠢᠯ ᠣᠭᠲᠣ ᠠᠯᠠᠭ᠎ᠠ᠃ ᠵᠥᠩ ᠢᠶᠡᠷ ᠢᠶᠡᠨ᠂ ᠤᠷᠤᠰᠬᠠᠯ ᠢᠶᠠᠷ ᠢᠶᠠᠨ᠂ ᠮᠠᠯᠴᠢᠳ ᠤᠨ ᠬᠥᠳᠡᠯᠮᠦᠷᠢ ᠪᠡᠷ ᠯᠠ ᠶᠠᠪᠤᠭᠳᠠᠵᠤ ᠪᠠᠢᠢᠭ᠎ᠠ ᠰᠢᠨᠵᠢ ᠲᠡᠮᠳᠡᠭ ᠮᠠᠰᠢ ᠲᠣᠳᠣᠷᠬᠠᠢ ᠬᠠᠷᠠᠭᠳᠠᠵᠤ ᠪᠠᠢᠢᠭ᠎ᠠ ᠶᠤᠮ᠃ ᠬᠥᠳᠡᠭᠡ ᠠᠵᠤ ᠠᠬᠤᠢ ᠬᠠᠷᠢᠭᠤᠴᠠᠭᠰᠠᠨ ᠰᠠᠢᠢᠳ ᠢᠶᠠᠷ ᠠᠵᠢᠯᠯᠠᠵᠤ ᠪᠠᠢᠢᠭᠰᠠᠨ᠂ ᠬᠥᠳᠡᠭᠡ ᠠᠵᠤ ᠠᠬᠤᠢ ᠢᠢᠨ ᠭᠠᠷᠤᠯ ᠲᠠᠢ ᠪᠦᠲᠦᠭᠡᠭ᠍ᠳᠡᠬᠦᠨ  ᠦ ᠦᠢᠯᠡᠳᠪᠦᠷᠢᠯᠡᠯ ᠡᠷᠬᠢᠯᠡᠵᠦ ᠪᠠᠢᠢᠭᠰᠠᠨ ᠬᠦᠮᠦᠨ ᠦ ᠬᠤᠪᠢ ᠳᠤ ᠪᠢ ᠡᠨᠡ ᠰᠠᠯᠪᠤᠷᠢ ᠢᠢ ᠮᠠᠭᠤ ᠦᠭᠡᠢ ᠮᠡᠳᠡᠳᠡᠭ ᠤᠴᠢᠷ ᠠᠴᠠ ᠡᠳᠡᠭᠡᠷ ᠢ ᠳᠤᠷᠠᠳᠴᠤ ᠪᠠᠢᠢᠨ᠎ᠠ᠃ ᠠᠰᠠᠭᠤᠳᠠᠯ᠂ ᠪᠡᠷᠬᠡᠰᠢᠶᠡᠯ ᠢ ᠣᠢᠢᠯᠠᠭᠠᠬᠤ ᠢᠢᠨ ᠵᠡᠷᠭᠡᠴᠡᠭᠡ ᠰᠢᠢᠳᠦᠯ ᠢ ᠴᠤ ᠬᠠᠷᠠᠵᠤ ᠪᠠᠢᠢᠭ᠎ᠠ᠃

 

ᠵᠢᠱᠢᠶ᠎ᠡ ᠨᠢ᠂ ᠵᠢᠯ ᠳᠥ ᠰᠲ᠋ᠠᠲ᠋ᠢᠰᠲ᠋ᠢᠺ ᠪᠠᠷᠢᠮᠲᠠ ᠪᠠᠷ 14 ᠰᠠᠶ᠎ᠠ ᠣᠷᠴᠢᠮ ᠠᠷᠠᠰᠤ᠂ ᠰᠢᠷ᠂ ᠠᠷᠠᠰᠤ ᠰᠢᠷ ᠪᠣᠯᠪᠠᠰᠤᠷᠠᠭᠤᠯᠬᠤ ᠦᠢᠯᠡᠳᠪᠦᠷᠢ ᠢᠢᠨ ᠬᠢᠨ ᠦ ᠨᠠᠳᠠ ᠳᠤ ᠬᠡᠯᠡᠵᠦ ᠪᠤᠢ ᠲᠣᠭ᠎ᠠ ᠪᠠᠷ 10 ᠰᠠᠶ᠎ᠠ ᠠᠷᠠᠰᠤ ᠰᠢᠷ ᠮᠠᠯ ᠠᠵᠤ ᠠᠬᠤᠢ ᠠᠴᠠ ᠭᠠᠷᠴᠤ ᠪᠠᠢᠢᠭ᠎ᠠ ᠴᠤ ᠮᠠᠰᠢ ᠴᠢᠮᠠᠯᠠᠮᠠᠷ ᠪᠠᠭ᠎ᠠ ᠬᠤᠪᠢ ᠢᠢ ᠪᠦᠷᠢᠨ ᠪᠣᠯᠪᠠᠰᠤᠷᠠᠭᠤᠯᠵᠤ᠂ ᠶᠡᠬᠡᠩᠬᠢ ᠬᠤᠪᠢ ᠢᠢ ᠠᠩᠬᠠᠨ ᠱᠠᠲᠤᠨ ᠤ ᠪᠣᠯᠪᠠᠰᠤᠷᠠᠭᠤᠯᠤᠯᠲᠠ ᠬᠢᠭᠡᠳ ᠭᠠᠷᠭᠠᠵᠤ ᠪᠠᠢᠢᠭ᠎ᠠ᠃ ᠠᠷᠠᠰᠤ ᠰᠢᠷ ᠬᠠᠢᠢᠷᠴᠠᠭ ᠲᠠᠮᠠᠬᠢᠨ ᠤ ᠦᠨ᠎ᠡ ᠳᠥ ᠬᠦᠷᠬᠦ ᠦᠭᠡᠢ ᠪᠠᠢᠢᠨ᠎ᠠ ᠭᠡᠳ ᠬᠠᠯᠠᠭᠯᠠᠵᠤ ᠰᠠᠭᠤᠭᠰᠠᠭᠠᠷ ᠡᠳᠦᠭᠡ ᠢᠢ ᠬᠦᠷᠴᠦ ᠪᠠᠢᠢᠨ᠎ᠠ᠃ ᠵᠥᠪᠬᠡᠨ ᠡᠨᠡ 14 ᠰᠠᠶ᠎ᠠ ᠰᠢᠷᠬᠡᠭ᠌ ᠠᠷᠠᠰᠤ᠂ ᠰᠢᠷ ᠢ ᠪᠣᠯᠪᠠᠰᠤᠷᠠᠭᠤᠯᠤᠭᠠᠳ ᠰᠠᠪᠢᠬᠢ ᠪᠣᠯᠭᠠᠭᠠᠳ ᠭᠠᠷᠭᠠᠬᠤ ᠳᠤ ᠮᠠᠯ ᠠᠵᠤ ᠠᠬᠤᠢ ᠢᠢᠨ ᠡᠺᠰᠫᠣᠷᠲ ᠠᠴᠠ ᠤᠯᠬᠤ ᠣᠷᠣᠯᠭ᠎ᠠ 20 ᠬᠤᠪᠢ ᠪᠠᠷ ᠪᠢᠰᠢ 200 ᠬᠤᠪᠢ ᠠᠴᠠ ᠴᠤ ᠢᠯᠡᠭᠦᠦ ᠥᠰᠥᠨ᠎ᠡ ᠭᠡᠰᠡᠨ ᠰᠤᠳᠤᠯᠭ᠎ᠠ ᠪᠤᠢ᠃

 

ᠰᠣᠼᠢᠶᠠᠯᠢᠰᠮ ᠤᠨ ᠦᠶ᠎ᠡ ᠳᠥ ᠮᠠᠯ ᠤᠨ ᠲᠣᠭ᠎ᠠ ᠲᠣᠯᠣᠭᠠᠢ 26 ᠰᠠᠶ᠎ᠠ ᠠᠴᠠ ᠢᠯᠡᠭᠦᠦ ᠭᠠᠷᠴᠤ ᠪᠠᠢᠢᠭ᠎ᠠ ᠦᠭᠡᠢ ᠮᠥᠷᠲᠡᠯ᠎ᠡ ᠠᠽᠢᠶ᠎ᠠ ᠳᠤ ᠲᠣᠮᠤ ᠳᠤ ᠲᠣᠭᠠᠴᠠᠭᠳᠠᠬᠤ ᠠᠷᠠᠰᠤ ᠰᠢᠷᠦᠨ ᠦ ᠦᠢᠯᠡᠳᠪᠦᠷᠢ ᠲᠡᠢ ᠪᠠᠢᠢᠭᠰᠠᠨ ᠶᠤᠮ᠃ ᠭᠡᠲᠡᠯ᠎ᠡ 66᠂2 ᠰᠠᠶ᠎ᠠ ᠮᠠᠯ ᠲᠠᠢ ᠪᠣᠯᠴᠢᠬᠠᠭᠰᠠᠨ᠂ 70 ᠰᠠᠶ᠎ᠠ ᠤᠷᠤᠭᠤ ᠣᠢᠢᠷᠠᠳᠤᠴᠤ ᠪᠠᠢᠢᠭ᠎ᠠ ᠦᠶ᠎ᠠ ᠳᠡᠭᠡᠨ ᠠᠷᠠᠰᠤ ᠰᠢᠷᠦᠨ ᠦ ᠦᠢᠯᠡᠳᠪᠦᠷᠢ ᠢᠢᠨ ᠲᠥᠯᠥᠭᠡ ᠬᠤᠷᠤᠭᠤ ᠢᠢ ᠪᠠᠨ ᠴᠤ ᠬᠥᠳᠡᠯᠭᠡᠵᠦ ᠴᠢᠳᠠᠬᠤ ᠦᠭᠡᠢ ᠰᠠᠭᠤᠭᠰᠠᠭᠠᠷ ᠪᠠᠢᠢᠨ᠎ᠠ᠃ ᠬᠡᠷᠪᠡ᠂ ᠡᠴᠦᠰ ᠦᠨ ᠪᠦᠲᠦᠭᠡᠭ᠍ᠳᠡᠬᠦᠨ  ᠭᠠᠷᠭᠠᠵᠤ ᠴᠢᠳᠠᠬᠤ ᠶᠤᠮ ᠪᠣᠯ ᠮᠠᠯ ᠠᠵᠤ ᠠᠬᠤᠢ ᠠᠴᠠ ᠣᠯᠵᠤ ᠪᠠᠢᠢᠭ᠎ᠠ ᠣᠷᠣᠯᠭ᠎ᠠ ᠪᠠᠨ 20 ᠪᠢᠰᠢ 200 ᠬᠤᠪᠢ ᠥᠰᠬᠡᠬᠦ ᠶᠤᠮ᠃ ᠡᠨᠡ ᠪᠣᠯ ᠰᠤᠳᠤᠯᠭ᠎ᠠ ᠪᠠᠷ ᠭᠠᠷᠤᠭᠰᠠᠨ ᠲᠣᠭ᠎ᠠ ᠶᠤᠮ ᠰᠢᠦ᠃ ᠥᠨᠥᠳᠥᠷ ᠪᠢᠳᠡ ᠨᠡᠢᠢᠲᠡ ᠠᠷᠠᠰᠤ᠂ ᠰᠢᠷᠦᠨ ᠦ ᠪᠡᠨ ᠳᠥᠩᠭᠡᠵᠢ 5 ᠬᠤᠪᠢ ᠬᠦᠷᠬᠦ ᠦᠭᠡᠢ ᠢᠢ ᠪᠦᠲᠦᠭᠡᠭ᠍ᠳᠡᠬᠦᠨ  ᠪᠣᠯᠭᠠᠨ ᠭᠠᠷᠭᠠᠵᠤ ᠪᠠᠢᠢᠨ᠎ᠠ᠃ ᠴᠠᠭᠠᠨ᠎ᠠ ᠨᠢ ᠦᠯᠡᠳᠡᠭᠰᠡᠨ 95 ᠬᠤᠪᠢ ᠨᠢ ᠲᠡᠭᠦᠬᠡᠢ ᠪᠡᠷ ᠢᠶᠡᠨ ᠬᠢᠯᠢ ᠪᠡᠷ ᠭᠠᠷᠴᠤ ᠪᠠᠢᠢᠨ᠎ᠠ᠃ ᠡᠨᠡ ᠬᠡᠨ ᠦ ᠪᠣᠳᠣᠯᠭ᠎ᠠ᠂ ᠶᠠᠮᠠᠷ ᠪᠣᠳᠣᠯᠭ᠎ᠠ ᠶᠤᠮ ᠪᠤᠢ ᠭᠡᠳᠡᠭ ᠢ ᠬᠠᠮᠢᠭ᠎ᠠ᠂ ᠬᠠᠮᠢᠭ᠎ᠠ ᠪᠠᠨ ᠪᠣᠳᠣᠬᠤ ᠪᠣᠯᠤᠭᠰᠠᠨ ᠭᠡᠳᠡᠭ ᠢ ᠡᠨᠳᠡ ᠰᠠᠭᠤᠵᠤ ᠪᠠᠢᠢᠭ᠎ᠠ ᠮᠣᠩᠭ᠋ᠣᠯ ᠤᠯᠤᠰ ᠤᠨ ᠶᠡᠷᠦᠩᠬᠡᠢ ᠰᠠᠢᠢᠳ ᠲᠤ ᠠᠩᠬᠠᠷᠤᠭᠤᠯᠵᠤ ᠬᠡᠯᠡᠮᠡᠷ ᠪᠠᠢᠢᠨ᠎ᠠ᠃

 

ᠪᠢ ᠬᠥᠳᠡᠭᠡ ᠠᠵᠤ ᠠᠬᠤᠢ ᠢᠢᠨ ᠰᠠᠯᠪᠤᠷᠢ ᠢᠢ ᠬᠠᠷᠢᠭᠤᠴᠠᠭᠰᠠᠨ ᠰᠠᠢᠢᠳ ᠢᠶᠠᠷ ᠠᠵᠢᠯᠯᠠᠵᠤ ᠪᠠᠢᠢᠬᠤ ᠳᠤ ᠪᠠᠨ ᠳᠡᠯᠡᠬᠡᠢ ᠳᠥ ᠠᠯᠳᠠᠷᠲᠠᠢ 《ᠽᠠᠷᠠ》 ᠪᠷᠡᠨᠳ᠋ ᠦᠨ ᠠᠷᠠᠰᠤ᠂ ᠰᠢᠷᠦᠨ ᠦ ᠪᠦᠲᠦᠭᠡᠭ᠍ᠳᠡᠬᠦᠨ  ᠬᠥᠭ᠍ᠵᠢᠭᠦᠯᠦᠯᠲᠡ ᠢᠢ ᠬᠢᠳᠡᠭ ᠪᠠᠭ ᠪᠦᠷᠢᠯᠳᠦᠬᠦᠨ ᠲᠡᠢ ᠬᠠᠮᠲᠤᠷᠠᠭᠠᠳ ᠠᠷᠠᠰᠤ᠂ ᠰᠢᠷ ᠪᠣᠯᠪᠠᠰᠤᠷᠠᠭᠤᠯᠬᠤ ᠦᠢᠯᠡᠳᠪᠦᠷᠢ ᠢᠢᠨ ᠲᠸᠭᠨᠢᠭ᠌᠂ ᠡᠳ᠋ ᠦᠨ ᠵᠡᠰᠡᠭ ᠤᠨ ᠦᠨᠳᠦᠰᠦᠯᠡᠯ ᠢ ᠭᠠᠷᠭᠠᠭᠤᠯᠤᠭᠰᠠᠨ᠃ ᠲᠣᠳᠣᠷᠬᠠᠢ ᠲᠦᠪᠰᠢᠨ ᠳᠥ ᠶᠠᠷᠢᠯᠴᠠᠵᠤ᠂ ᠬᠡᠯᠡᠯᠴᠡᠭᠡᠳ ᠮᠣᠩᠭ᠋ᠣᠯ ᠤᠨ 8-10 ᠰᠠᠶ᠎ᠠ ᠰᠢᠷᠬᠡᠭ᠌ ᠠᠷᠠᠰᠤ ᠢᠢ ᠪᠣᠯᠪᠠᠰᠤᠷᠠᠭᠤᠯᠤᠭᠠᠳ᠂ ᠲᠡᠳᠡᠨ ᠦ ᠪᠦᠲᠦᠭᠡᠭ᠍ᠳᠡᠬᠦᠨ  ᠪᠣᠯᠭᠠᠵᠤ ᠳᠡᠯᠡᠬᠡᠢ ᠳᠠᠶᠠᠭᠠᠷ ᠪᠣᠷᠣᠯᠠᠭᠤᠯᠬᠤ ᠲᠸᠭᠨᠢᠭ᠌᠂ ᠡᠳ᠋ ᠦᠨ ᠵᠡᠰᠡᠭ ᠤᠨ ᠦᠨᠳᠦᠰᠦᠯᠡᠯ ᠪᠣᠯᠪᠠᠰᠤᠷᠠᠭᠤᠯᠤᠭᠰᠠᠨ ᠶᠤᠮ᠃ ᠭᠡᠪᠡᠴᠦ᠂ ᠭᠠᠵᠠᠷ ᠣᠯᠭᠣᠯᠲᠠ ᠭᠡᠬᠦ ᠮᠡᠲᠦ ᠵᠢᠵᠢᠭ ᠰᠠᠵᠢᠭ ᠠᠰᠠᠭᠤᠳᠠᠯ ᠳᠡᠭᠡᠷ᠎ᠡ ᠣᠳᠣ ᠢᠢ ᠬᠦᠷᠲᠡᠯ᠎ᠡ ᠭᠠᠴᠠᠴᠢᠬᠠᠭᠠᠳ ᠪᠠᠢᠢᠭ᠎ᠠ ᠶᠤᠮ᠃ ᠥᠴᠥᠭᠡᠳᠦᠷ ᠪᠢᠳᠡ ᠰᠠᠯᠪᠤᠷᠢ ᠢᠢᠨ ᠰᠠᠢᠢᠳ ᠲᠠᠢ ᠨᠢ ᠠᠷᠠᠰᠤ᠂ ᠰᠢᠷ ᠪᠣᠯᠪᠠᠰᠤᠷᠠᠭᠤᠯᠬᠤ ᠬᠡᠳᠦ᠂ ᠬᠡᠳᠦᠨ ᠦᠢᠯᠡᠳᠪᠦᠷᠢ ᠪᠡᠷ ᠣᠷᠣᠭᠰᠠᠨ᠃ ᠥᠨᠥ ᠢᠢᠨ ᠲᠦᠪᠰᠢᠨ᠂ ᠳᠡᠯᠡᠬᠡᠢ ᠢᠢᠨ ᠲᠦᠪᠰᠢᠨ ᠬᠣᠶᠠᠷ ᠤᠨ ᠬᠠᠷᠢᠴᠠᠭ᠎ᠠ ᠠᠰᠤᠷᠤ ᠬᠣᠯᠠᠳᠠᠭᠰᠠᠨ ᠪᠠᠢᠢᠨ᠎ᠠ᠃ ᠠᠷᠠᠰᠤ᠂ ᠰᠢᠷ ᠪᠣᠯᠪᠠᠰᠤᠷᠠᠭᠤᠯᠵᠤ ᠪᠠᠢᠢᠭ᠎ᠠ ᠬᠦᠮᠦᠰ ᠪᠣᠷᠣ ᠵᠢᠷᠦᠬᠡ ᠪᠡᠷ ᠢᠶᠡᠨ ᠯᠠ ᠶᠠᠪᠤᠵᠤ ᠪᠠᠢᠢᠨ᠎ᠠ᠃ ᠲᠡᠳᠡᠨ ᠳᠥ ᠵᠣᠷᠢᠭᠤᠯᠤᠭᠰᠠᠨ ᠪᠣᠳᠣᠯᠭ᠎ᠠ᠂ ᠲᠡᠳᠡᠨ ᠳᠥ ᠵᠣᠷᠢᠭᠤᠯᠤᠭᠰᠠᠨ ᠵᠡᠭᠡᠯᠢ ᠭᠡᠵᠦ ᠠᠯᠠᠭ᠎ᠠ᠃ ᠰᠠᠯᠪᠤᠷᠢ ᠢᠢᠨ ᠰᠠᠢᠢᠳ ᠨᠢ ᠬᠠᠮᠲᠤ ᠶᠠᠪᠤᠭᠰᠠᠨ ᠤᠴᠢᠷ ᠠᠴᠠ ᠳᠣᠷᠪᠢᠲᠠᠢ ᠠᠯᠬᠤᠮ ᠤᠳ ᠢ ᠪᠣᠳᠣᠵᠤ ᠤᠯᠬᠤ ᠬᠡᠷᠡᠭᠲᠡᠢ ᠪᠠᠢᠢᠨ᠎ᠠ᠃ ᠡᠮᠦᠨ᠎ᠡ ᠨᠢ ᠬᠢᠭ᠍ᠰᠡᠨ ᠵᠦᠢᠯᠡᠰ ᠢ ᠰᠤᠳᠤᠯᠤᠭᠠᠳ ᠵᠠᠰᠠᠭ ᠤᠨ ᠭᠠᠵᠠᠷ ᠲᠤ ᠪᠠᠨ ᠲᠠᠨᠢᠯᠴᠠᠭᠤᠯᠤᠭᠠᠳ᠂ ᠶᠡᠷᠦᠩᠬᠡᠢ ᠰᠠᠢᠢᠳ ᠲᠤ ᠪᠠᠨ ᠤᠷᠮ᠎ᠠ ᠥᠭᠴᠦ᠂ ᠪᠣᠳᠣᠯᠭ᠎ᠠ ᠪᠠᠨ ᠬᠡᠷᠡᠭᠵᠢᠭᠦᠯᠵᠦ ᠡᠬᠢᠯᠡᠬᠦ ᠬᠡᠷᠡᠭᠲᠡᠢ᠃

 

ᠮᠥᠨ ᠥᠨᠥᠳᠥᠷ ᠦᠨ ᠪᠠᠢᠢᠳᠠᠯ ᠢᠶᠠᠷ ᠪᠣᠭ ᠮᠠᠯ ᠢ 100-150 ᠮᠢᠩᠭ᠋ᠠᠨ ᠲᠥᠭᠥᠷᠢᠭ᠌ ᠢᠶᠡᠷ ᠦᠨᠡᠯᠡᠵᠦ᠂ ᠬᠤᠳᠠᠯᠳᠤᠵᠤ᠂ ᠬᠤᠳᠠᠯᠳᠤᠨ ᠠᠪᠴᠤ ᠪᠠᠢᠢᠨ᠎ᠠ᠃ ᠪᠢ ᠡᠨᠡ ᠲᠣᠭ᠎ᠠ ᠢᠢ ᠵᠠᠰᠠᠭ ᠤᠨ ᠭᠠᠵᠠᠷ ᠲᠤ ᠰᠠᠭᠤᠭ᠎ᠠ ᠰᠠᠩ ᠤᠨ ᠰᠠᠢᠢᠳ ᠢ ᠰᠣᠨᠣᠰᠤᠭᠠᠰᠠᠢ ᠭᠡᠵᠦ ᠪᠣᠳᠣᠵᠤ ᠪᠠᠢᠢᠨ᠎ᠠ᠃ ᠥᠨᠥᠳᠥᠷ ᠦᠨ ᠰᠠᠩ ᠤᠨ ᠰᠠᠢᠢᠳ ᠮᠠᠯ ᠢ ᠳᠠᠩᠳᠠ ᠠᠮᠢᠳᠤ ᠢᠢᠨ ᠵᠢᠩ ᠢᠶᠡᠷ ᠨᠢ ᠪᠤᠶᠤ ᠪᠦᠬᠦᠯᠢ ᠠᠷᠭ᠎ᠠ ᠪᠠᠷ ᠲᠣᠭᠠᠴᠠᠵᠤ ᠪᠠᠢᠢᠨ᠎ᠠ᠃ ᠮᠠᠯ ᠢ ᠠᠮᠢᠳᠤ ᠢᠢᠨ ᠵᠢᠩ ᠢᠶᠡᠷ ᠨᠢ ᠵᠠᠷᠤᠬᠤ ᠰᠢᠭ ᠠᠮᠠᠷᠬᠠᠨ ᠵᠦᠢᠯ ᠪᠠᠢᠢᠬᠤ ᠦᠭᠡᠢ᠃ ᠬᠡᠷᠪᠡ ᠮᠢᠬ᠎ᠠ ᠢᠢ ᠨᠢ ᠠᠩᠭᠢᠯᠠᠵᠤ᠂ ᠢᠯᠭᠠᠭᠠᠳ᠂ ᠠᠷᠠᠰᠤ ᠢᠢ ᠨᠢ ᠪᠣᠯᠤᠨ ᠳᠠᠢᠢᠪᠤᠷᠢ ᠪᠦᠲᠦᠭᠡᠭ᠍ᠳᠡᠬᠦᠨ  ᠢ ᠨᠢ ᠪᠣᠯᠪᠠᠰᠤᠷᠠᠭᠤᠯᠤᠭᠠᠳ ᠬᠤᠳᠠᠯᠳᠤᠪᠠᠯ ᠳᠣᠣᠷ᠎ᠠ ᠬᠠᠶᠠᠵᠤ᠂ 500-600 ᠮᠢᠩᠭ᠋᠎ᠠ᠂ ᠡᠴᠦᠰ ᠦᠨ ᠪᠦᠲᠦᠭᠡᠭ᠍ᠳᠡᠬᠦᠨ  ᠪᠣᠯᠭᠠᠵᠤ ᠴᠢᠳᠠᠪᠠᠯ ᠰᠠᠶ᠋᠎ᠠ ᠭᠠᠷᠤᠢ ᠲᠥᠭᠥᠷᠢᠭ᠌ ᠪᠣᠯᠤᠨ᠎ᠠ᠃ ᠡᠢᠢᠮᠦ ᠡᠩ ᠦᠨ ᠡᠳ᠋ ᠍ ᠦᠨ ᠵᠠᠰᠠᠭ ᠢ ᠲᠣᠭᠠᠴᠠᠭᠠᠯᠠᠵᠤ ᠴᠢᠳᠠᠳᠠᠭ ᠰᠠᠩ ᠤᠨ ᠰᠠᠢᠢᠳ ᠲᠠᠢ ᠪᠣᠯᠤᠮᠠᠷ ᠪᠠᠢᠢᠭ᠎ᠠ ᠶᠤᠮ᠃ ᠡᠭᠦᠨ ᠢ ᠡᠨᠳᠡ ᠰᠠᠭᠤᠵᠤ ᠪᠠᠢᠢᠭ᠎ᠠ ᠮᠠᠯᠴᠢᠳ ᠪᠦᠭᠦᠳᠡ ᠮᠡᠳᠡᠵᠦ ᠪᠠᠢᠢᠭ᠎ᠠ ᠪᠠᠢᠢᠬᠤ᠃

 

ᠡᠨᠳᠡ ᠡᠴᠡ ᠶᠠᠭᠤ ᠬᠠᠷᠠᠭᠳᠠᠵᠤ ᠪᠠᠢᠢᠨ᠎ᠠ ᠭᠡᠬᠦ ᠪᠡᠷ ᠪᠡᠯᠡᠨ ᠪᠠᠢᠢᠭ᠎ᠠ ᠪᠣᠯᠤᠯᠴᠠᠭ᠎ᠠ ᠢᠢ ᠪᠠᠨ ᠣᠭᠲᠣ ᠠᠰᠢᠭᠯᠠᠬᠤ ᠦᠭᠡᠢ᠂ ᠤᠯᠬᠤ ᠣᠷᠣᠯᠭ᠎ᠠ ᠪᠠᠨ ᠪᠤᠰᠤᠳ ᠲᠤ ᠠᠯᠳᠠᠵᠤ ᠪᠠᠢᠢᠨ᠎ᠠ ᠯᠠ ᠭᠡᠰᠡᠨ ᠦᠭᠡ᠃ ᠦᠷ᠎ᠡ ᠳ᠋ᠦᠩ ᠪᠠᠭ᠎ᠠ ᠲᠠᠢ ᠠᠵᠤ ᠠᠬᠤᠢ ᠡᠷᠬᠢᠯᠡᠵᠦ ᠪᠠᠢᠢᠨ᠎ᠠ᠃ ᠪᠢᠳᠡ ᠪᠡᠯᠡᠨᠴᠢᠯᠡᠵᠦ᠂ ᠠᠮᠠᠷᠴᠢᠯᠠᠭᠠᠳ ᠠᠮᠢᠳᠤ ᠢᠢᠨ ᠵᠢᠩ ᠢᠶᠡᠷ ᠨᠢ ᠵᠠᠷᠤᠬᠤ ᠲᠤᠰᠤᠮ ᠢᠶᠠᠨ ᠠᠯᠠᠳᠠᠨ᠎ᠠ᠃ ᠪᠦᠲᠦᠭᠡᠭ᠍ᠳᠡᠬᠦᠨ  ᠳᠥ ᠪᠡᠨ ᠥᠷᠲᠡᠭ ᠰᠢᠩᠭᠡᠭᠡᠵᠦ᠂ ᠬᠥᠯᠥᠰᠥ ᠭᠠᠷᠭᠠᠵᠤ ᠪᠣᠯᠪᠠᠰᠤᠷᠠᠭᠤᠯᠬᠤ ᠲᠤᠰᠤᠮ ᠢᠶᠠᠨ ᠯᠠ ᠬᠣᠵᠢᠨ᠎ᠠ ᠭᠡᠰᠡᠨ ᠡᠩ ᠦᠨ ᠦᠨᠡᠨ ᠡᠨᠳᠡ ᠪᠤᠢ᠃ ᠠᠰᠢᠭ ᠪᠠᠭ᠎ᠠ ᠲᠠᠢ ᠪᠠᠢᠢᠭ᠎ᠠ ᠠᠴᠠ ᠬᠥᠳᠡᠭᠡ ᠬᠦᠮᠦᠰ ᠲᠥ ᠠᠵᠢᠯ ᠤᠨ ᠪᠠᠢᠢᠷᠢ ᠠᠯᠠᠭ᠎ᠠ ᠪᠣᠯᠵᠤ ᠪᠠᠢᠢᠨ᠎ᠠ᠃ ᠠᠵᠢᠯ ᠪᠠᠢᠢᠬᠤ ᠦᠭᠡᠢ ᠡᠴᠡ ᠬᠣᠲᠠ ᠤᠷᠤᠭᠤ ᠰᠢᠯᠵᠢᠵᠦ ᠪᠠᠢᠢᠨ᠎ᠠ᠃ ᠬᠦᠮᠦᠨ ᠬᠦᠴᠦ ᠪᠠᠭ᠎ᠠ ᠲᠠᠢ ᠠᠴᠠ ᠤᠯᠬᠤ ᠶᠣᠰᠣᠲᠠᠢ ᠣᠷᠣᠯᠭ᠎ᠠ ᠪᠠᠨ ᠪᠦᠷᠢᠨ ᠣᠯᠵᠤ ᠴᠢᠳᠠᠬᠤ ᠦᠭᠡᠢ ᠳᠥ ᠬᠦᠷᠴᠦ ᠪᠠᠢᠢᠨ᠎ᠠ᠃ ᠡᠨᠡ ᠪᠦᠬᠦᠨ ᠢ ᠲᠥᠷᠥ ᠡᠴᠡ ᠪᠣᠳᠣᠯᠭ᠎ᠠ᠂ ᠵᠣᠬᠢᠴᠠᠭᠤᠯᠤᠯᠲᠠ ᠲᠠᠢ ᠪᠠᠷ ᠴᠣᠭᠴᠠ ᠪᠠᠷ ᠨᠢ ᠲᠥᠯᠥᠪᠯᠡᠵᠦ᠂ ᠵᠣᠬᠢᠶᠠᠨ ᠪᠠᠢᠢᠭᠤᠯᠵᠤ᠂ ᠵᠢᠭᠳᠡᠷᠡᠭᠦᠯᠵᠦ ᠥᠭ᠍ᠬᠦ ᠡᠴᠡ ᠥᠭᠡᠷ᠎ᠡ ᠠᠷᠭ᠎ᠠ ᠪᠠᠢᠢᠬᠤ ᠦᠭᠡᠢ᠃ ᠮᠠᠯᠴᠢᠳ ᠡᠭᠦᠨ ᠢ ᠥᠪᠡᠷᠰᠡᠳ ᠦᠨ ᠢᠶᠡᠨ ᠬᠦᠴᠦ ᠪᠡᠷ ᠬᠢᠵᠦ ᠳᠥᠩᠭᠡᠬᠦ ᠦᠭᠡᠢ ᠭᠡᠳᠡᠭ ᠨᠢ ᠮᠠᠰᠢ ᠲᠣᠳᠣᠷᠬᠠᠢ᠃ ᠠᠯᠢᠪᠠ ᠪᠣᠳᠣᠯᠭ᠎ᠠ ᠢᠢᠨ ᠦᠨᠳᠦᠰᠦ ᠨᠢ ᠨᠡᠢᠢᠯᠡᠭᠦᠯᠦᠯᠲᠡ᠂ ᠣᠷᠣᠯᠭ᠎ᠠ᠂ ᠬᠡᠷᠡᠭᠴᠡᠭᠡ ᠭᠡᠰᠡᠨ ᠡᠷᠭᠢᠯᠲᠡ ᠢᠢ ᠤᠷᠲᠤ ᠬᠤᠭᠤᠴᠠᠭᠠᠨ ᠳᠤ ᠲᠣᠭᠲᠠᠪᠤᠷᠢᠲᠠᠢ᠂ ᠥᠭ᠍ᠭᠦᠭᠡᠵᠢ ᠲᠡᠢ ᠪᠠᠢᠢᠯᠭᠠᠬᠤ ᠳᠤ ᠤᠷᠤᠰᠢᠬᠤ ᠶᠣᠰᠣᠲᠠᠢ᠃ ᠮᠠᠯ ᠠᠵᠤ ᠠᠬᠤᠢ ᠢᠢ ᠬᠥᠭ᠍ᠵᠢᠭᠦᠯᠦᠨ᠎ᠡ ᠭᠡᠬᠦ ᠪᠡᠷ ᠮᠠᠯᠴᠢᠳ ᠤᠨ ᠢᠶᠠᠨ ᠬᠡᠷᠡᠭᠴᠡᠭᠡ ᠱᠠᠭᠠᠷᠳᠠᠯᠭ᠎ᠠ᠂ ᠠᠮᠢᠳᠤᠷᠠᠯ ᠠᠬᠤᠢ ᠢᠢ ᠣᠷᠬᠢᠭᠳᠠᠭᠤᠯᠪᠠᠯ ᠪᠣᠳᠣᠯᠭ᠎ᠠ ᠥᠷᠥᠭᠡᠰᠦᠭᠡᠯ ᠪᠣᠯᠤᠨ᠎ᠠ᠃ ᠮᠠᠯᠴᠢᠳ ᠤᠨ ᠢᠶᠠᠨ ᠠᠮᠢᠳᠤᠷᠠᠯ ᠤᠨ ᠠᠶ᠎ᠠ ᠲᠤᠬ᠎ᠠ᠂ ᠬᠡᠷᠡᠭᠴᠡᠭᠡ ᠢᠢ ᠵᠣᠬᠢᠰᠲᠠᠢ ᠬᠠᠩᠭ᠋ᠠᠬᠤ ᠢᠢᠨ ᠲᠤᠯᠠᠳᠠ ᠲᠡᠳᠡᠨ ᠢ ᠬᠣᠷᠰᠢᠶᠠᠯᠠᠬᠤ᠂ ᠨᠢᠭᠡᠳᠬᠦ ᠪᠣᠯᠤᠮᠵᠢ ᠪᠠᠷ ᠬᠠᠩᠭ᠋ᠠᠬᠤ ᠠᠴᠠ ᠥᠭᠡᠷ᠎ᠡ ᠭᠠᠷᠴᠠ ᠬᠠᠷᠠᠭᠳᠠᠬᠤ ᠦᠭᠡᠢ ᠪᠠᠢᠢᠨ᠎ᠠ᠃ ᠬᠣᠷᠰᠢᠶᠠᠯᠠᠵᠤ ᠴᠢᠳᠠᠪᠠᠯ ᠬᠥᠳᠡᠯᠮᠦᠷᠢ ᠢᠢᠨ ᠬᠤᠪᠢᠶᠠᠷᠢ ᠡᠭᠦᠰᠴᠦ᠂ ᠪᠦᠲᠦᠭᠡᠮᠵᠢ ᠳᠡᠭᠡᠭ᠍ᠰᠢᠯᠡᠨ᠎ᠡ᠃ ᠮᠠᠯᠴᠢᠳ ᠤᠨ ᠬᠣᠷᠰᠢᠶ᠎ᠠ ᠢᠢ ᠠᠯᠪᠠᠨ ᠵᠢᠷᠤᠮ ᠤᠨ ᠨᠢᠭᠡᠳᠦᠯ ᠮᠠᠶᠢᠭ ᠤᠨ ᠬᠣᠷᠰᠢᠶᠠᠯᠠᠯ ᠢᠶᠠᠷ ᠲᠥᠰᠥᠭᠡᠯᠡᠬᠦ ᠬᠡᠷᠡᠭ ᠦᠭᠡᠢ᠃ ᠰᠠᠢᠢᠨ ᠳᠤᠷ᠎ᠠ ᠢᠢᠨ ᠦᠨᠳᠦᠰᠦᠨ ᠳᠡᠭᠡᠷ᠎ᠡ᠂ ᠲᠣᠳᠣᠷᠬᠠᠢ ᠭᠡᠷ᠎ᠡ᠂ ᠳᠦᠷᠢᠮ ᠲᠡᠢ ᠪᠡᠷ ᠬᠣᠷᠰᠢᠵᠤ᠂ ᠪᠦᠲᠦᠭᠡᠭ᠍ᠳᠡᠬᠦᠨ  ᠢᠶᠡᠨ ᠬᠥᠳᠡᠭᠡ ᠠᠵᠤ ᠠᠬᠤᠢ ᠢᠢᠨ ᠪᠢᠷᠵᠢ ᠪᠡᠷ ᠪᠣᠷᠣᠯᠠᠭᠤᠯᠬᠤ᠂ ᠦᠢᠯᠡᠳᠪᠦᠷᠢᠯᠡᠭᠴᠢᠳ ᠲᠡᠢ ᠪᠡᠨ ᠪᠢᠷᠵᠢ ᠪᠡᠷ ᠳᠠᠮᠵᠢᠭᠤᠯᠤᠨ ᠬᠣᠯᠪᠣᠭᠳᠠᠬᠤ ᠨᠢ ᠣᠷᠣᠯᠭ᠎ᠠ ᠢᠢ ᠲᠣᠭᠲᠠᠪᠤᠷᠢᠵᠢᠭᠤᠯᠬᠤ᠂ ᠵᠠᠬ᠎ᠠ ᠵᠡᠭᠡᠯᠢ ᠢᠢᠨ ᠪᠣᠳᠠᠲᠤ ᠦᠨ᠎ᠡ ᠪᠡᠷ ᠪᠦᠲᠦᠭᠡᠭ᠍ᠳᠡᠬᠦᠨ  ᠢᠶᠡᠨ ᠪᠣᠷᠣᠯᠠᠭᠤᠯᠬᠤ ᠵᠡᠷᠭᠡ ᠨᠥᠬᠥᠴᠡᠯ ᠢ ᠪᠤᠢ ᠪᠣᠯᠭᠠᠬᠤ ᠶᠤᠮ᠃ ᠣᠷᠣᠯᠭ᠎ᠠ ᠲᠣᠭᠲᠠᠪᠤᠷᠢᠵᠢᠬᠤ ᠪᠠᠷ ᠲᠡᠭᠦᠪᠡᠷ ᠨᠢ ᠪᠠᠷᠢᠴᠠᠭᠠᠯᠠᠭᠠᠳ ᠣᠷᠣᠨ ᠰᠠᠭᠤᠴᠠᠵᠢᠭᠤᠯᠬᠤ᠂ ᠵᠡᠭᠡᠯᠢᠵᠢᠭᠦᠯᠬᠦ ᠨᠥᠬᠥᠴᠡᠯ ᠡᠭᠦᠰᠦᠨ᠎ᠡ᠃ ᠡᠢᠢᠮᠦ ᠮᠠᠶᠢᠭ ᠢᠶᠠᠷ ᠰᠢᠨ᠎ᠡ ᠰᠤᠮᠤ ᠲᠥᠰᠥᠯ ᠢ ᠬᠡᠷᠡᠭᠵᠢᠭᠦᠯᠵᠦ ᠬᠥᠳᠡᠭᠡ ᠳᠥ ᠠᠵᠢᠯ ᠲᠠᠢ᠂ ᠣᠷᠣᠯᠭ᠎ᠠ ᠲᠠᠢ ᠠᠮᠢᠳᠤᠷᠠᠬᠤ ᠨᠥᠬᠥᠴᠡᠯ ᠢ ᠪᠤᠢ ᠪᠣᠯᠭᠠᠭᠰᠠᠨ ᠢᠶᠠᠷ ᠬᠣᠲᠠ ᠤᠷᠤᠭᠤ ᠴᠢᠭᠯᠡᠬᠦ ᠨᠡᠭᠦᠳᠡᠯ ᠰᠠᠭᠠᠷᠠᠨ᠎ᠠ᠃ ᠲᠡᠭᠦᠨ ᠡᠴᠡ ᠪᠢᠰᠢ ᠬᠦᠴᠦ ᠪᠡᠷ ᠬᠣᠷᠢᠭᠯᠠᠭᠠᠳ᠂ ᠲᠤᠰᠢᠶᠠᠯ ᠵᠢᠷᠤᠮ ᠭᠠᠷᠭᠠᠭᠠᠳ ᠶᠠᠮᠠᠷ ᠴᠤ ᠦᠷ᠎ᠡ ᠳ᠋ᠦᠩ ᠪᠠᠢᠢᠬᠤ ᠦᠭᠡᠢ᠃ ᠵᠢᠱᠢᠶ᠎ᠡ ᠨᠢ᠂ ᠤᠯᠠᠭᠠᠨᠪᠠᠭᠠᠲᠤᠷ ᠬᠣᠲᠠ ᠳᠤ ᠰᠢᠯᠵᠢᠨ ᠰᠠᠭᠤᠷᠢᠰᠢᠬᠤ ᠢᠢ ᠬᠣᠷᠢᠭᠯᠠᠭᠰᠠᠨ ᠰᠢᠢᠳᠪᠦᠷᠢ ᠭᠠᠷᠤᠭᠰᠠᠨ ᠠᠴᠠ ᠬᠣᠢᠢᠰᠢ 14 ᠮᠢᠩᠭ᠋ᠠᠨ ᠡᠷᠦᠬᠡ ᠰᠢᠯᠵᠢᠵᠦ ᠢᠷᠡᠭᠰᠡᠨ ᠪᠠᠢᠢᠨ᠎ᠠ᠃

 

ᠮᠠᠯᠴᠢᠳ ᠤᠨ ᠠᠮᠢᠵᠢᠷᠠᠭ᠎ᠠ ᠢᠢ ᠳᠡᠭᠡᠭ᠍ᠰᠢᠯᠡᠭᠦᠯᠬᠦ᠂ ᠲᠣᠭᠲᠠᠮᠠᠯ ᠣᠷᠣᠯᠭ᠎ᠠ ᠲᠠᠢ ᠪᠣᠯᠭᠠᠬᠤ᠂ ᠰᠤᠮᠤ᠂ ᠣᠷᠣᠨ ᠨᠤᠲᠤᠭ ᠲᠤ ᠪᠠᠨ ᠡᠷᠡᠭᠦᠯ ᠠᠶᠤᠯ ᠦᠭᠡᠢ᠂ ᠲᠣᠬᠢ ᠲᠤᠬ᠎ᠠ ᠲᠠᠢ ᠠᠮᠢᠳᠤᠷᠠᠬᠤ ᠨᠥᠬᠥᠴᠡᠯ ᠪᠦᠷᠢᠳᠦᠭᠦᠯᠬᠦ ᠢᠢᠨ ᠲᠥᠯᠥᠭᠡ ᠡᠨᠡ ᠰᠠᠯᠪᠤᠷᠢ ᠢᠢᠨ ᠰᠠᠢᠢᠳ ᠪᠠᠢᠢᠬᠤ ᠳᠤ ᠪᠠᠨ᠂ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠬᠥᠳᠡᠭᠡ ᠣᠷᠣᠨ ᠨᠤᠲᠤᠭ ᠠᠴᠠ ᠰᠣᠩᠭ᠋ᠣᠭᠳᠠᠨ ᠠᠵᠢᠯᠯᠠᠵᠤ ᠪᠠᠢᠢᠬᠤ ᠳᠤ ᠪᠠᠨ ᠴᠤ ᠶᠡᠬᠡᠬᠡᠨ ᠠᠩᠬᠠᠷᠴᠤ ᠵᠠᠷᠢᠮ ᠠᠵᠢᠯ ᠤᠳ ᠢ ᠡᠬᠢᠯᠡᠭᠦᠯᠦᠭᠰᠡᠨ᠃ ᠣᠳᠣ ᠪᠦᠭᠦᠳᠡ ᠭᠠᠴᠠᠭᠰᠠᠨ᠂ ᠴᠠᠷᠴᠠᠭᠰᠠᠨ ᠪᠠᠢᠢᠳᠠᠯ ᠲᠠᠢ ᠪᠠᠢᠢᠨ᠎ᠠ᠃ ᠰᠢᠯᠲᠠᠭᠠᠨ ᠨᠢ ᠮᠠᠰᠢ ᠡᠩ ᠦᠨ᠃ ᠬᠠ‍᠂ᠪᠠᠲᠤᠲᠤᠯᠭ᠎ᠠ ᠢᠢᠨ ᠰᠠᠨᠠᠭᠠᠴᠢᠯᠠᠭᠰᠠᠨ ᠠᠵᠢᠯ ᠢ ᠦᠷᠭᠦᠯᠵᠢᠯᠡᠭᠦᠯᠪᠡᠯ ᠲᠡᠭᠦᠨ ᠦ ᠯᠠ ᠨᠡᠷ᠎ᠡ ᠬᠦᠨᠳᠦ ᠥᠰᠬᠦ ᠡᠴᠡ ᠰᠤᠮᠤ ᠣᠷᠣᠨ ᠤ ᠤᠳᠤᠷᠢᠳᠤᠯᠭ᠎ᠠ ᠳᠤ ᠠᠰᠢᠭ ᠦᠭᠡᠢ ᠶᠤᠮ ᠭᠡᠰᠡᠨ ᠮᠠᠰᠢ ᠡᠩ ᠦᠨ ᠲᠠᠢᠢᠯᠪᠤᠷᠢ ᠢᠢ ᠬᠥᠳᠡᠭᠡ᠂ ᠣᠷᠣᠨ ᠨᠤᠲᠤᠭ ᠲᠤ ᠶᠠᠷᠢᠵᠤ ᠪᠠᠢᠢᠨ᠎ᠠ᠃ ᠡᠢᠢᠮᠦ ᠠᠳᠬᠠᠭ ᠪᠣᠳᠣᠯ ᠢᠶᠠᠨ ᠲᠠᠶᠠᠭᠳᠠᠨ ᠬᠠᠶᠠᠬᠤ ᠦᠭᠡᠢ ᠪᠡᠷ ᠤᠯᠤᠰ ᠣᠷᠣᠨ ᠶᠠᠭᠠᠬᠢᠵᠤ ᠬᠥᠭ᠍ᠵᠢᠬᠦ᠂ ᠤᠷᠤᠭᠰᠢᠯᠠᠬᠤ ᠶᠤᠮ ᠪᠤᠢ? ᠠᠰᠠᠭᠤᠳᠠᠯ ᠤᠨ ᠲᠥᠪ ᠲᠦ ᠶᠠᠭᠤᠨ ᠤ ᠡᠮᠦᠨ᠎ᠡ ᠬᠦᠮᠦᠨ ᠢ᠂ ᠢᠷᠭᠡᠳ ᠢᠶᠡᠨ ᠲᠠᠯᠪᠢᠵᠤ ᠰᠤᠷᠬᠤ ᠬᠡᠷᠡᠭᠲᠡᠢ᠃ ᠢᠷᠭᠡᠳ ᠦᠨ ᠠᠮᠢᠳᠤᠷᠠᠯ᠂ ᠠᠮᠢᠵᠢᠷᠠᠭ᠎ᠠ ᠰᠠᠢᠢᠨ ᠪᠠᠢᠢᠪᠠᠯ ᠲᠡᠷᠡ ᠯᠠ ᠪᠣᠳᠠᠲᠠᠢ ᠨᠡᠷ᠎ᠡ ᠬᠦᠨᠳᠦ ᠰᠢᠦ ᠭᠡᠳᠡᠭ ᠢ ᠡᠨᠡ ᠶᠡᠨᠳᠡᠷ ᠳᠡᠭᠡᠷ᠎ᠡ ᠡᠴᠡ ᠬᠡᠯᠡᠬᠦ ᠭᠡᠰᠡᠨ ᠶᠤᠮ᠃

 

2010 ᠣᠨ ᠳᠤ ᠤᠯᠤᠰ ᠤᠨ ᠶᠡᠬᠡ ᠬᠤᠷᠠᠯ ᠪᠠᠷ ᠠᠯᠤᠰᠯᠠᠭᠳᠠᠭᠰᠠᠨ 100 ᠰᠤᠮᠤ ᠢᠢ ᠰᠢᠨᠡᠳᠭᠡᠬᠦ ᠲᠣᠳᠣᠷᠬᠠᠢ ᠲᠣᠭᠲᠠᠭᠠᠯ ᠰᠢᠢᠳᠪᠦᠷᠢ ᠪᠠᠲᠤᠯᠠᠭᠳᠠᠭᠰᠠᠨ᠃ ᠬᠠᠷᠠᠮᠰᠠᠯᠲᠠᠢ ᠨᠢ᠂ ᠬᠣᠶᠠᠷᠬᠠᠨ ᠰᠤᠮᠤ ᠢᠢ ᠰᠢᠨᠡᠴᠢᠯᠡᠵᠦ᠂ ᠴᠠᠭᠠᠨ᠎ᠠ ᠨᠢ 98 ᠰᠤᠮᠤ ᠦᠯᠡᠳᠡᠭᠰᠡᠨ᠃ ᠥᠨᠥᠳᠥᠷ ᠰᠤᠮᠤ ᠳᠤ 80᠂ 90᠂ 100 ᠵᠢᠯ ᠦᠨ ᠢᠶᠡᠨ ᠣᠢ ᠢᠢ ᠲᠡᠮᠳᠡᠭᠯᠡᠳᠡᠭ᠃ ᠤᠯᠤᠰ᠂ ᠲᠥᠷᠥ ᠡᠴᠡ ᠠᠯᠤᠰᠯᠠᠭᠳᠠᠭᠰᠠᠨ ᠰᠤᠮᠤᠳ ᠢᠢᠠᠨ ᠰᠢᠨᠡᠳᠭᠡᠬᠦ ᠰᠢᠢᠳᠪᠦᠷᠢ ᠭᠠᠷᠤᠭᠰᠠᠨ ᠪᠣᠯᠪᠠᠴᠤ ᠰᠢᠢᠳᠦᠭᠳᠡᠭᠰᠡᠨ ᠦᠭᠡᠢ᠃ ᠲᠥᠷᠥ ᠢᠢᠨ ᠪᠣᠳᠣᠯᠭ᠎ᠠ ᠪᠠᠷ ᠰᠤᠮᠤᠳ ᠨᠢ ᠮᠠᠯᠴᠢᠳ ᠲᠤ᠂ ᠲᠠ ᠪᠦᠬᠦᠨ ᠳᠥ ᠦᠢᠯᠡᠴᠢᠯᠡᠬᠦ ᠶᠣᠰᠣᠲᠠᠢ᠃ ᠮᠠᠯᠴᠢᠳ ᠡᠨᠡ ᠤᠯᠤᠰ ᠢ ᠡᠵᠡᠨ ᠲᠡᠢ ᠪᠣᠯᠭᠠᠵᠤ ᠪᠠᠢᠢᠭ᠎ᠠ ᠲᠥᠯᠥᠭᠡᠯᠡᠯ ᠶᠤᠮ᠃ ᠡᠨᠡ ᠬᠦᠮᠦᠰ ᠢ ᠪᠢᠳᠡ ᠠᠯᠤᠰᠯᠠᠭᠳᠠᠭᠰᠠᠨ ᠭᠡᠳᠡᠭ ᠢᠶᠡᠷ ᠨᠢ ᠠᠳᠠ ᠦᠵᠡᠬᠦ ᠪᠢᠰᠢ᠂ ᠠᠯᠤᠰᠯᠠᠭᠳᠠᠭᠰᠠᠨ ᠭᠡᠳᠡᠭ ᠢᠶᠡᠷ ᠨᠢ ᠲᠥᠷᠥ ᠢᠢᠨ ᠪᠣᠳᠣᠯᠭ᠎ᠠ ᠢᠢ ᠲᠦᠷᠦᠭᠦᠯᠡᠵᠦ ᠬᠦᠷᠭᠡᠬᠦ ᠶᠣᠰᠣᠲᠠᠢ᠃ ᠲᠡᠢᠢᠮᠦ ᠡᠴᠡ ᠡᠨᠡ ᠠᠰᠠᠭᠤᠳᠠᠯ ᠢ ᠵᠥᠪᠯᠡᠭᠡᠨ ᠳᠡᠭᠡᠷ᠎ᠡ ᠬᠥᠨᠳᠡᠵᠦ ᠶᠠᠷᠢᠭᠠᠷᠠᠢ ᠭᠡᠵᠦ ᠲᠠ ᠪᠦᠬᠦᠨ ᠡᠴᠡ ᠬᠦᠰᠡᠮᠡᠷ ᠪᠠᠢᠢᠨ᠎ᠠ᠃

 

ᠮᠢᠨᠦ ᠵᠦᠭ ᠡᠴᠡ ᠬᠥᠳᠡᠭᠡ ᠠᠵᠤ ᠠᠬᠤᠢ ᠢᠢ ᠠᠩᠬᠠᠷᠤᠯ ᠠᠴᠠ ᠪᠠᠨ ᠭᠠᠷᠭᠠᠭ᠎ᠠ ᠦᠭᠡᠢ᠃ ᠪᠣᠳᠣᠯᠭ᠎ᠠ ᠳᠤᠲᠠᠭᠳᠠᠭᠰᠠᠨ ᠮᠠᠰᠢ ᠲᠣᠮᠣ ᠰᠠᠯᠪᠤᠷᠢ ᠶᠤᠮ᠃ ᠡᠨᠡ ᠰᠠᠯᠪᠤᠷᠢ ᠥᠨᠳᠡᠢᠢᠵᠦ ᠪᠠᠢᠢᠵᠤ ᠠᠭᠤᠯᠠ ᠠᠭᠤᠷᠬᠠᠢ ᠠᠴᠠ ᠢᠯᠡᠭᠦᠦ ᠬᠥᠳᠡᠭᠡ ᠠᠵᠤ ᠠᠬᠤᠢ ᠢᠢᠨ ᠰᠠᠯᠪᠤᠷᠢ ᠢᠯᠡᠭᠦᠦ ᠣᠯᠠᠨ ᠬᠦᠮᠦᠨ ᠦ ᠠᠮᠢᠳᠤᠷᠠᠯ ᠳᠤ ᠬᠡᠷᠡᠭ ᠲᠡᠢ ᠭᠡᠳᠡᠭ ᠢ ᠣᠢᠢᠯᠠᠭᠠᠳᠠᠭ ᠪᠣᠯᠬᠤ ᠶᠣᠰᠣᠲᠠᠢ᠃ ᠲᠠ ᠪᠦᠬᠦᠨ ᠴᠤ ᠮᠥᠨ ᠰᠣᠩᠭ᠋ᠣᠭᠳᠠᠭᠰᠠᠨ ᠭᠡᠰᠢᠭᠦᠳ ᠲᠥ ᠪᠡᠨ ᠠᠰᠠᠭᠤᠳᠠᠯ ᠳᠡᠪᠰᠢᠭᠦᠯᠦᠭᠡᠷᠡᠢ᠃

 

ᠮᠣᠩᠭ᠋ᠣᠯ ᠤᠨ ᠨᠣᠣᠰᠣ ᠨᠣᠯᠣᠤᠷ ᠪᠣᠯᠤᠨ ᠣᠶᠣᠮᠠᠯ᠂ ᠰᠦᠯᠵᠢᠮᠡᠯ ᠪᠦᠲᠦᠭᠡᠭ᠍ᠳᠡᠬᠦᠨ  ᠢ ᠠᠮᠧᠷᠢᠺᠠ ᠢᠢᠨ ᠨᠢᠭᠡᠳᠦᠭᠰᠡᠨ ᠤᠯᠤᠰ ᠤᠷᠤᠭᠤ ᠭᠠᠢᠢᠯᠢ ᠢᠢᠨ ᠲᠠᠲᠠᠪᠤᠷᠢ ᠦᠭᠡᠢ ᠣᠷᠣᠭᠤᠯᠵᠤ ᠪᠠᠢᠢᠭᠰᠠᠨ 1990 ᠍ ᠊ ᠭᠡᠳ ᠣᠨ ᠤ ᠰᠠᠢᠢᠨ ᠲᠤᠷᠰᠢᠯᠭ᠎ᠠ ᠢᠢ ᠰᠡᠷᠭᠦᠭᠡᠬᠦ ᠲᠠᠯ᠎ᠠ ᠪᠠᠷ ᠰᠠᠨᠠᠯ ᠲᠠᠯᠪᠢᠵᠤ᠂ ᠬᠥᠭᠡᠭᠡᠴᠡᠯᠳᠦᠵᠦ ᠪᠠᠢᠢᠨ᠎ᠠ᠃ ᠮᠥᠨ ᠪᠡᠯᠴᠢᠭᠡᠷ ᠢ ᠤᠰᠤᠯᠠᠭ᠎ᠠ ᠲᠠᠢ ᠪᠣᠯᠭᠠᠬᠤ᠂ ᠭᠣᠪᠢ ᠢᠢ ᠤᠰᠤᠵᠢᠭᠤᠯᠬᠤ ᠰᠠᠨᠠᠯ᠂ ᠲᠥᠰᠥᠯ ᠦᠳ ᠲᠥ ᠰᠠᠩᠬᠦᠵᠢᠯᠲᠡ ᠪᠣᠰᠬᠠᠬᠤ ᠪᠠᠷ ᠰᠣᠨᠢᠷᠬᠠᠭᠴᠢ ᠲᠠᠯ᠎ᠠ ᠨᠤᠭᠤᠳ ᠲᠠᠢ ᠬᠡᠯᠡᠯᠴᠡᠭᠰᠡᠭᠡᠷ ᠪᠠᠢᠢᠨ᠎ᠠ᠃ ᠭᠡᠬᠦ ᠮᠡᠲᠦ ᠮᠠᠯᠴᠢᠳ ᠲᠤ ᠪᠠᠨ ᠨᠡᠮᠡᠷᠢ ᠲᠤᠰᠠ ᠪᠣᠯᠬᠤ ᠪᠠᠷ ᠵᠦᠢᠯᠡᠰ ᠬᠢᠬᠦ ᠪᠡᠷ ᠴᠢᠷᠮᠠᠢᠢᠵᠤ ᠪᠠᠢᠢᠨ᠎ᠠ᠃ ᠮᠠᠯᠴᠢᠳ ᠲᠠ ᠪᠦᠬᠦᠨ ᠡᠳᠡᠭᠡᠷ ᠲᠥᠰᠥᠯ ᠦᠳ ᠢ ᠬᠡᠷᠡᠭᠵᠢᠭᠦᠯᠬᠦ᠂ ᠠᠵᠢᠯ ᠪᠣᠯᠭᠠᠬᠤ ᠵᠠᠰᠠᠭ ᠤᠨ ᠭᠠᠵᠠᠷ ᠤᠨ ᠲᠠᠯ᠎ᠠ ᠳᠡᠭᠡᠷ᠎ᠡ ᠳᠣᠣᠷ᠎ᠠ ᠠᠴᠠ ᠨᠢ ᠰᠢᠬᠠᠵᠤ᠂ ᠱᠠᠭᠠᠷᠳᠠᠵᠤ ᠥᠭ᠍ᠭᠦᠭᠡᠷᠡᠢ ᠭᠡᠵᠦ ᠬᠦᠰᠡᠶ᠎ᠡ᠃ ᠠᠯᠢᠪᠠ ᠲᠥᠰᠥᠯ᠂ ᠠᠵᠢᠯ ᠬᠡᠷᠡᠭ ᠣᠷᠣᠯᠴᠠᠭᠴᠢ ᠪᠦᠬᠦ ᠲᠠᠯ᠎ᠠ ᠢᠢᠨ ᠢᠳᠡᠪᠬᠢ᠂ ᠰᠠᠨᠠᠭᠠᠴᠢᠯᠠᠭ᠎ᠠ ᠪᠠᠷ ᠯᠠ ᠤᠷᠤᠭᠰᠢᠯᠠᠬᠤ ᠠᠴᠠ ᠪᠤᠰᠤ ᠳᠠᠩ ᠭᠠᠭᠴᠠ ᠲᠥᠷᠥ᠂ ᠵᠠᠰᠠᠭ ᠲᠤ ᠨᠠᠢᠢᠳᠠᠪᠠᠯ ᠶᠠᠭᠤ ᠴᠤ ᠪᠥᠲᠥᠬᠦ ᠦᠭᠡᠢ᠃ ᠲᠠᠯ᠎ᠠ ᠲᠠᠯ᠎ᠠ ᠠᠴᠠ ᠪᠠᠨ ᠯᠠ ᠰᠠᠨᠠᠵᠤ᠂ ᠰᠠᠷᠪᠠᠢᠢᠵᠤ ᠪᠣᠳᠠᠲᠠᠢ ᠠᠵᠢᠯ ᠬᠢᠵᠦ ᠪᠠᠢᠢᠵᠤ ᠯᠠ ᠮᠠᠯ ᠤᠨ ᠠᠰᠢᠭ ᠰᠢᠮ᠎ᠡ ᠡᠴᠡ ᠤᠯᠬᠤ ᠣᠷᠣᠯᠭ᠎ᠠ ᠡᠷᠡᠰ ᠥᠰᠥᠨ᠎ᠡ ᠭᠡᠳᠡᠭ ᠢ ᠲᠠ ᠪᠦᠬᠦᠨ ᠶᠠᠭᠤ ᠡᠰᠡ ᠠᠨᠳᠠᠬᠤ ᠪᠢᠯᠡ᠃

 

ᠥᠨᠥᠳᠥᠷ ᠧᠦ᠋ᠷᠠᠽᠢ ᠢᠢᠨ ᠨᠤᠲᠤᠭ ᠳᠡᠭᠡᠷ᠎ᠡ ᠪᠠᠢᠢᠷᠢᠯᠠᠵᠤ ᠪᠤᠢ ᠮᠣᠩᠭ᠋ᠣᠯ ᠤᠯᠤᠰ ᠳᠡᠯᠡᠬᠡᠢ ᠢᠢᠨ ᠬᠠᠮᠤᠭ ᠤᠨ ᠶᠡᠬᠡ ᠴᠥᠯᠵᠢᠭᠰᠡᠨ ᠣᠷᠣᠨ ᠪᠣᠯᠵᠤ ᠪᠠᠢᠢᠭ᠎ᠠ᠃ ᠰᠡᠭᠦᠯ ᠦᠨ 20-30 ᠵᠢᠯ ᠳᠥ ᠴᠥᠯᠵᠢᠯᠲᠡ ᠠᠰᠤᠷᠤ ᠬᠤᠷᠳᠤᠲᠠᠢ ᠮᠣᠩᠭ᠋ᠣᠯ ᠣᠷᠣᠨ ᠢ ᠨᠥᠮᠥᠷᠴᠦ ᠪᠠᠢᠢᠨ᠎ᠠ᠃ ᠲᠠ ᠪᠦᠬᠦᠨ ᠰᠠᠨᠠᠯ ᠨᠢᠭᠡ ᠪᠠᠢᠢᠭ᠎ᠠ ᠪᠠᠢᠢᠬᠤ᠃ ᠥᠨᠥᠳᠥᠷ ᠪᠢᠳᠡ ᠬᠡᠷᠦᠯᠡᠨ᠂ ᠣᠷᠬᠣᠨ ᠵᠡᠷᠭᠡ ᠭᠣᠣᠯ ᠠᠴᠠ ᠴᠥᠭᠦᠷᠦᠮ ᠡᠭᠦᠰᠬᠡᠵᠦ ᠭᠣᠪᠢ ᠤᠷᠤᠭᠤ ᠤᠰᠤ ᠲᠠᠲᠠᠬᠤ ᠵᠡᠷᠭᠡ ᠠᠰᠠᠭᠤᠳᠠᠯ ᠢ ᠬᠡᠯᠡᠯᠴᠡᠭᠡᠳ ᠣᠯᠠᠨ ᠵᠢᠯ ᠪᠣᠯᠵᠤ ᠪᠠᠢᠢᠨ᠎ᠠ᠃ ᠳᠣᠯᠣᠭ᠎ᠠ ᠬᠣᠨᠣᠭ ᠤᠨ ᠡᠮᠦᠨ᠎ᠡ ᠰᠠᠯᠪᠤᠷᠢ ᠢᠢᠨ ᠰᠠᠢᠢᠳ ᠲᠠᠢ ᠨᠢ ᠠᠭᠤᠯᠵᠠᠭᠠᠳ ᠮᠠᠰᠢ ᠡᠩ ᠦᠨ ᠰᠢᠢᠳᠦᠯ ᠦᠳ ᠢ ᠣᠯᠤᠭᠰᠠᠨ᠃ ᠴᠥᠯᠵᠢᠵᠦ ᠪᠠᠢᠢᠭ᠎ᠠ ᠭᠣᠪᠢ ᠪᠠᠨ ᠤᠰᠤᠵᠢᠭᠤᠯᠬᠤ᠂ ᠪᠡᠯᠴᠢᠭᠡᠷᠵᠢᠭᠦᠯᠬᠦ ᠠᠵᠢᠯ ᠢᠶᠠᠨ ᠪᠣᠳᠣᠬᠤ ᠦᠭᠡᠢ ᠪᠣᠯ ᠮᠠᠯ ᠳᠠᠭᠠᠭᠰᠠᠨ ᠮᠠᠯᠴᠢᠳ᠂ ᠳᠡᠯᠡᠬᠡᠢ ᠢᠢᠨ ᠬᠠᠮᠤᠭ ᠤᠨ ᠰᠡᠭᠦᠯ ᠦᠨ ᠨᠡᠭᠦᠳᠡᠯᠴᠢᠨ ᠤᠯᠤᠰ ᠮᠠᠨᠢ ᠮᠠᠯ ᠦᠭᠡᠢ᠂ ᠮᠠᠯᠴᠢᠨ ᠦᠭᠡᠢ ᠪᠣᠯᠬᠤ ᠨᠢ᠃ ᠡᠭᠦᠨ ᠡᠴᠡ ᠢᠯᠡᠭᠦᠦ ᠠᠶᠤᠯ ᠪᠤᠢ ᠤᠤ᠃ ᠮᠠᠯ ᠤᠨ ᠢᠶᠠᠨ ᠪᠡᠯᠴᠢᠭᠡᠷ ᠳᠡᠭᠡᠷ᠎ᠡ ᠲᠥᠷᠥ ᠨᠢ ᠪᠣᠳᠣᠯᠭ᠎ᠠ ᠭᠠᠷᠭᠠᠵᠤ ᠡᠨᠡ ᠠᠰᠠᠭᠤᠳᠠᠯ ᠢ ᠳᠡᠮᠵᠢᠭᠡᠰᠡᠢ ᠭᠡᠵᠦ ᠬᠦᠰᠡᠶ᠎ᠡ᠃ ᠮᠣᠩᠭ᠋ᠣᠯ ᠤᠯᠤᠰ ᠤᠨ ᠶᠡᠷᠦᠩᠬᠡᠢ ᠰᠠᠢᠢᠳ ᠠᠴᠠ ᠡᠳᠡᠭᠡᠷ ᠠᠰᠠᠭᠤᠳᠠᠯ ᠢ ᠳᠡᠮᠵᠢᠭᠡᠰᠡᠢ ᠭᠡᠵᠦ ᠮᠥᠨ ᠬᠦᠰᠡᠶ᠎ᠡ᠃

 

ᠬᠠᠷᠢᠨ ᠮᠠᠯᠴᠢᠳ ᠲᠠ ᠪᠦᠬᠦᠨ ᠳᠥ ᠠᠮᠢᠨᠴᠢᠯᠠᠨ ᠬᠦᠰᠡᠬᠦ ᠵᠦᠢᠯ ᠪᠣᠯ ᠪᠡᠯᠴᠢᠭᠡᠷ ᠦᠨ ᠳᠣᠷᠣᠢᠢᠲᠠᠯ ᠠᠴᠠ ᠤᠷᠢᠳᠴᠢᠯᠠᠨ ᠰᠡᠷᠭᠡᠢᠢᠯᠡᠵᠦ᠂ ᠮᠠᠯ ᠤᠨ ᠲᠣᠭᠠᠨ ᠳᠤ ᠪᠤᠰᠤ ᠴᠢᠨᠠᠷ ᠲᠤ᠂ ᠦᠷ᠎ᠡ ᠥᠭ᠍ᠭᠦᠭᠡᠵᠢ ᠲᠡᠢ᠂ ᠡᠭᠦᠯᠳᠡᠷ ᠤᠭᠰᠠᠭ᠎ᠠ ᠰᠠᠢᠢᠲᠠᠢ ᠮᠠᠯ ᠦᠷᠡᠵᠢᠭᠦᠯᠵᠦ ᠥᠰᠬᠡᠬᠦ ᠢᠢᠨ ᠴᠢᠬᠤᠯᠠ ᠢᠢ ᠣᠢᠢᠯᠠᠭᠠᠵᠤ᠂ ᠠᠵᠢᠯ ᠠᠮᠢᠳᠤᠷᠠᠯ ᠳᠤ ᠪᠠᠨ ᠬᠡᠷᠡᠭᠵᠢᠭᠦᠯᠬᠦ ᠲᠠᠯ᠎ᠠ ᠪᠠᠷ ᠡᠨᠡ ᠵᠥᠪᠯᠡᠭᠡᠨ ᠳᠡᠭᠡᠷ᠎ᠡ ᠰᠠᠢᠢᠨ ᠶᠠᠷᠢᠯᠴᠠᠭᠠᠷᠠᠢ᠃ ᠪᠡᠯᠴᠢᠭᠡᠷ ᠦᠨ ᠳᠣᠷᠣᠢᠢᠲᠠᠯ ᠪᠣᠯ ᠶᠠᠭᠠᠬᠢᠯᠳᠠ ᠴᠤ ᠦᠭᠡᠢ ᠰᠢᠢᠳᠦᠯ ᠬᠦᠯᠢᠶᠡᠵᠦ ᠪᠠᠢᠢᠭ᠎ᠠ ᠲᠤᠯᠭᠠᠮᠳᠠᠭᠰᠠᠨ ᠠᠰᠠᠭᠤᠳᠠᠯ ᠮᠥᠨ ᠰᠢᠦ ᠭᠡᠳᠡᠭ ᠢ ᠳᠠᠬᠢᠨ ᠳᠠᠬᠢᠨ ᠬᠡᠯᠡᠮᠡᠷ ᠪᠠᠢᠢᠨ᠎ᠠ᠃

 

ᠢᠩᠭᠢᠭᠡᠳ 《ᠮᠠᠯ ᠠᠵᠤ ᠠᠬᠤᠢ ᠢᠢᠨ ᠲᠣᠭᠲᠠᠪᠤᠷᠢᠲᠠᠢ ᠬᠥᠭ᠍ᠵᠢᠯ》 ᠰᠡᠳᠦᠪᠲᠦ ᠮᠠᠯᠴᠢᠳ ᠤᠨ ᠤᠯᠤᠰ ᠤᠨ ᠵᠥᠪᠯᠡᠭᠡᠨ ᠦ ᠦᠢᠯᠡ ᠠᠵᠢᠯᠯᠠᠭᠠᠨ ᠳᠤ ᠠᠮᠵᠢᠯᠲᠠ ᠬᠦᠰᠡᠵᠦ᠂ ᠲᠠ ᠪᠦᠬᠦᠨ ᠢ ᠰᠠᠨᠠᠯ ᠪᠣᠳᠣᠯ ᠢᠶᠠᠨ ᠤᠷᠤᠯᠳᠤᠭᠤᠯᠤᠨ ᠰᠠᠯᠪᠤᠷᠢ ᠢᠢᠨ ᠢᠶᠠᠨ ᠬᠥᠭ᠍ᠵᠢᠯ ᠳᠥ ᠳᠣᠷᠪᠢᠲᠠᠢ ᠥᠭᠡᠷᠡᠴᠢᠯᠡᠯᠲᠡ ᠠᠪᠴᠤ ᠢᠷᠡᠬᠦ ᠰᠢᠢᠳᠦᠯ ᠦᠳ ᠭᠠᠷᠭᠠᠭᠠᠰᠠᠢ ᠬᠡᠮᠡᠨ ᠬᠦᠰᠡᠶ᠎ᠡ᠃

 

ᠲᠠ ᠪᠦᠬᠦᠨ ᠦ ᠦᠢᠯᠡᠰ ᠪᠦᠲᠦᠭᠡᠯ ᠠᠷᠪᠢᠵᠢᠨ ᠳᠡᠯᠭᠡᠷᠡᠵᠦ᠂ ᠥᠯᠵᠡᠢ ᠬᠤᠲᠤᠭ ᠪᠠᠲᠤ ᠤᠷᠤᠰᠢᠬᠤ ᠪᠣᠯᠲᠤᠭᠠᠢ᠃

 

ᠮᠥᠩᠬᠡ ᠲᠩᠷᠢ ᠪᠢᠳᠡᠨ ᠢ ᠢᠪᠡᠭᠡᠭ᠌᠃

 

ᠪᠠᠶᠠᠷᠯᠠᠯ᠎ᠠ ᠲᠠ ᠪᠦᠬᠦᠨ ᠳᠥ》 ᠭᠡᠯ᠎ᠡ᠃