Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠵᠡᠪᠰᠡᢉᠲᠦ ᠬᠦᠴᠦᠨ ᠤ ᠓᠔᠐ ᠳ᠋ᠤᠭᠡᠷ ᠠᠩᠭᠢ ᠳ᠋ᠤ ᠠᠵᠢᠯᠯᠠᠪᠠ

ᠮᠣᠩ᠋ᠭᠤᠯ ᠤᠯᠤᠰ ᠤᠨ ᠶᠡᠷᠦᠩᠬᠡᠢᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨᠳ᠋ᠯᠠᠭᠴᠢ ᠤᠬᠤᠨ᠎ᠠ ᠶ᠋ᠢᠨ ᠬᠦᠷᠡᠯᠰᠤᠢᠬᠡ ᠪᠠᠶᠠᠨ- ᠥᠯᠦᠭᠡᠢ ᠠᠢᠢᠮᠠᠭ ᠲᠤ ᠠᠵᠢᠯᠯᠠᠬᠤ ᠦᠶ᠎ᠡ ᠪᠡᠷ ᠢᠢᠡᠨ ᠵᠡᠪᠰᠡᢉᠲᠦ ᠬᠦᠴᠤᠨ ᠤ ᠓᠔᠐ ᠳ᠋ᠤᠭᠡᠷ ᠠᠩᢉᠢ ᠶ᠋ᠢᠨ ᠠᠯᠪᠠ ᠬᠠᠭᠠᠭᠴᠢᠳ ᠲᠠᠢ ᠠᠭᠤᠯᠵᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨᠳ᠋ᠯᠠᠭᠴᠢ ᠶ᠋ᠢ ᠲᠤᠰ ᠠᠩᢉᠢ ᠶ᠋ᠢᠨ ᠪᠠᠢᠢᠷᠢᠯᠠᠯ ᠳ᠋ᠤ ᠬᠦᠷᠦᠯᠴᠡᠨ ᠢᠷᠡᠬᠦ ᠳ᠋ᠦ ᠠᠩᠭᠢ ᠢᠢᠨ ᠪᠡᠶ᠎ᠡ ᠪᠦᠷᠢᠯᠳᠦᠬᠦᠨ ᠵᠢᠬᠰᠠᠵᠤ ᠤᠭᠲᠤᠯ᠎ᠠ᠃

ᠲᠤᠰ ᠠᠩᢉᠢ ᠨᠢ ᠪᠠᠶᠠᠨ ᠆ ᠥᠯᠦᠭᠡᠢ ᠠᠢᠢᠮᠠᠭ ᠤᠨ ᠮᠡᠷᠭᠡᠵᠢᠯ ᠰᠤᠷᠭᠠᠯᠲᠠ᠂ ᠦᠢᠯᠡᠳᠪᠦᠷᠢᠯᠡᠯ ᠦ᠋ᠨ ᠲᠥᠪ ᠲᠡᠢ ᠬᠠᠮᠲᠤᠷᠠᠨ ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠲᠤ ᠮᠡᠷᠭᠡᠵᠢᠯ ᠣᠯᠭᠠᠬᠤ ᠰᠤᠷᠭᠠᠯᠲᠠ ᠶ᠋ᠢ ᠪᠠᠷᠢᠯᠭ᠎ᠠ ᠶ᠋ᠢᠨ ᠥᠷᠭᠡᠨ ᠮᠡᠷᠭᠡᠵᠢᠯ᠂ ᠬᠦᠨᠳᠦ ᠮᠠᠱᠢᠨ᠂ ᠮᠧᠾᠠᠨᠢᠰᠮ ᠤᠨ ᠣᠫᠧᠷᠠᠲ᠋ᠣᠷ᠂ ᠵᠠᠰᠠᠪᠤᠷᠢᠴᠢᠨ ᠵᠡᠷᠭᠡ ᠴᠢᢉᠯᠡᠯ ᠢᠢᠡᠷ ᠵᠣᠬᠢᠶᠠᠨ ᠪᠠᠢᠢᠭᠤᠯᠤᠭᠰᠠᠨ ᠪᠠᠢᠢᠨ᠎ᠠ᠃

ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠪᠦᠲᠦᠭᠡᠨ ᠪᠠᠢᠢᠭᠤᠯᠤᠯᠲᠠ ᠶ᠋ᠢᠨ ᠠᠵᠢᠯ ᠳ᠋ᠤ ᠣᠷᠤᠯᠴᠠᠭᠰᠠᠨ ᠢᠢᠠᠷ ᠮᠥᠩᢉᠦᠨ ᠬᠤᠷᠠᠮᠲᠤᠯᠠᠯ ᠡᢉᠦᠰᠬᠡᠬᠦ ᠡᠴᠡ ᠭᠠᠳᠠᠨ᠎ᠠ ᠮᠡᠷᠭᠡᠵᠢᠯ ᠡᠵᠡᠮᠰᠢᠨ ᠬᠠᠯᠠᠭᠳᠠᠬᠤ ᠳᠠᠪᠠᠭᠤ ᠲᠠᠯᠠᠲᠠᠢ ᠶ᠋ᠢ ᠠᠩᢉᠢ ᠶ᠋ᠢᠨ ᠤᠳᠤᠷᠢᠳᠤᠯᠭ᠎ᠠ ᠲᠠᠨᠢᠯᠴᠠᠭᠤᠯᠵᠤ ᠪᠠᠢᠢᠪᠠ᠃

ᠲᠤᠬᠠᠢᠢᠯᠠᠪᠠᠯ᠂ ᠮᠣᠩ᠋ᠭᠣᠯ ᠤᠯᠤᠰ ᠤᠨ ᠡᠳ᠋ ᠤᠨ ᠵᠠᠰᠠᠭ᠂ ᠣᠷᠤᠨ ᠨᠤᠲᠤᠭ ᠤᠨ ᠬᠥᢉᠵᠢᠯ ᠳ᠋ᠦ ᠳᠣᠷᠪᠢᠲᠠᠢ ᠳᠡᠮᠵᠢᠯᠭᠡ ᠦᠵᠡᢉᠦᠯᠬᠦ ᠰᠲ᠋ᠷᠠᠲ᠋ᠧᢉᠢ ᠶ᠋ᠢᠨ ᠠᠴᠢ ᠬᠣᠯᠪᠤᠭᠳᠠᠯᠲᠠᠢ “ᠠᠰᠬᠠᠲᠤ”᠆ ᠢᠢᠨ ᠮᠥᠩᢉᠦᠨ ᠤ ᠣᠷᠳᠤ ᠴᠢᢉᠯᠡᠯ ᠦ᠋ᠨ ᠵᠠᠮ ᢉᠦᢉᠦᠷᠭᠡᠨ ᠤ ᠠᠵᠢᠯ ᠢ᠋ ᠪᠣᠭᠤᠨᠢ ᠬᠤᠭᠤᠴᠠᠭᠠᠨ ᠳ᠋ᠤ᠂ ᠴᠢᠨᠠᠷ ᠤᠨ ᠥᠨᠳᠦᠷ ᠲᠦᠪᠰᠢᠨ ᠳ᠋ᠦ ᠬᠢᠵᠦ ᢉᠦᠢᠢᠴᠡᠳᠬᠡᢉᠰᠡᠨ ᠨᠢ ᠤᠯᠤᠰ ᠣᠷᠤᠨ ᠤ᠋ ᠪᠦᠲᠦᠭᠡᠨ ᠪᠠᠢᠢᠭᠤᠯᠤᠯᠲᠠ ᠳ᠋ᠤ ᠲᠥᠷᠦ ᠶ᠋ᠢᠨ ᠴᠡᠷᠢᠭ ᠤᠨ ᠪᠠᠢᠢᠭᠤᠯᠤᠯᠭ᠎ᠠ ᠣᠷᠤᠯᠴᠠᠬᠤ ᠡᠬᠢᠯᠡᠯ ᠢ᠋ ᠲᠠᠯᠪᠢᠵᠤ᠂ ᠵᠡᠪᠰᠡᢉᠲᠦ ᠬᠦᠴᠦᠨ ᠤ ᠨᠡᠷ᠎ᠡ ᠬᠦᠨᠳᠦ ᠶ᠋ᠢ ᠥᠨᠳᠦᠷ ᠲᠦ ᠡᠷᢉᠦᢉᠰᠡᠨ ᠬᠡᠮᠡᠨ ᠣᠨᠴᠠᠯᠠᠪᠠ᠃

ᠮᠥᠨ ᠮᠣᠩ᠋ᠭᠣᠯᠴᠤᠳ ᠪᠢᠳᠡ ᠪᠡᠶ᠎ᠡ ᠳᠠᠭᠠᠭᠠᠨ ᠳᠡᠳ᠋ ᠪᠦᠲᠦᠴᠡ ᠶ᠋ᠢᠨ ᠲᠣᠮᠤ ᠲᠥᠰᠦᠯ ᠢ᠋ ᠴᠣᠭᠴᠠ ᠪᠠᠷ ᠨᠢ ᢉᠦᠢᠢᠴᠡᠳᠬᠡᠵᠦ ᠴᠢᠳᠠᠳᠠᠭ ᠭᠡᠳᠡᠭ ᠢ ᠪᠠᠲᠤᠯᠠᠨ ᠬᠠᠷᠠᠭᠤᠯᠤᠭᠰᠠᠨ “ᠲᠠᠪᠤᠨᠲᠣᠯᠤᠭᠠᠢ ᠵᠡᢉᠦᠨᠪᠠᠶᠠᠨ”᠂ “ᠵᠡᢉᠦᠨᠪᠠᠶᠠᠨ ᠬᠠᠩᢉᠢ” ᠴᠢᢉᠯᠡᠯ ᠦ᠋ᠨ ᠲᠡᠮᠦᠷ ᠵᠠᠮ ᠢ᠋ ᠪᠠᠷᠢᠵᠤ ᠪᠠᠢᠢᠭᠤᠯᠬᠤ ᠲᠥᠰᠦᠯ ᠢ᠋ ᠬᠡᠷᠡᢉᠵᠢᢉᠦᠯᠬᠦ ᠳ᠋ᠦ ᠣᠷᠤᠯᠴᠠᠭᠰᠠᠨ ᠢ᠋ ᠳᠤᠷᠠᠳᠤᠯ᠎ᠠ᠃

ᠡᠩᠬᠡ ᠴᠠᠭ ᠤᠨ ᠪᠦᠲᠦᠭᠡᠨ ᠪᠠᠢᠢᠭᠤᠯᠤᠯᠲᠠ ᠳ᠋ᠤ ᠢᠳᠡᠪᠬᠢᠯᠡᠨ ᠣᠷᠤᠯᠴᠠᠬᠤ ᠶ᠋ᠢᠨ ᠵᠡᠷᠭᠡᠴᠡᠭᠡ ᠠᠩᢉᠢ ᠶ᠋ᠢᠨ ᠦᠨᠳᠦᠰᠦᠨ ᠡᢉᠦᠷᠭᠡ ᠪᠣᠯᠤᠨ ᠬᠠᠤᠯᠢ ᠪᠠᠷ ᠬᠦᠯᠢᠶᠡᢉᠰᠡᠨ ᠪᠤᠰᠤᠳ ᠡᢉᠦᠷᠭᠡ ᢉᠦᠢᠢᠴᠡᠳᠬᠡᠬᠦ ᠪᠡᠯᠡᠨ ᠪᠠᠢᠢᠳᠠᠯ᠂ ᠴᠡᠷᠢᠭ ᠤᠨ ᠰᠤᠷᠭᠠᠯᠲᠠ ᠪᠡᠯᠡᠳᠬᠡᠯ ᠳ᠋ᠦ ᠪᠡᠨ ᠨᠡᠩ ᠲᠡᠷᠢᢉᠦᠨ ᠳ᠋ᠦ ᠠᠩᠬᠠᠷᠴᠤ ᠠᠵᠢᠯᠯᠠᠬᠤ ᠬᠡᠷᠡᠭ ᠲᠡᠢ ᠶ᠋ᠢ ᠰᠠᠨᠠᠭᠤᠯᠤᠯ᠎ᠠ᠃

ᠮᠣᠩ᠋ᠭᠣᠯ ᠤᠯᠤᠰ ᠤᠨ ᠵᠡᠪᠰᠡᢉᠲᠦ ᠬᠦᠴᠦᠨ ᠤ ᠰᠢᠨ᠎ᠡ ᠵᠠᠭᠤᠨ ᠤ᠋ ᠲᠡᠦᠬᠡ ᠶ᠋ᠢᠨ ᠬᠠᠭᠤᠳᠠᠰᠤ ᠶ᠋ᠢ ᠪᠢᠴᠢᠯᠴᠡᠵᠦ ᠪᠤᠢ ᠵᠡᠪᠰᠡᢉᠲᠦ ᠬᠦᠴᠦᠨ ᠤ ᠓᠔᠐ ᠳ᠋ᠤᠭᠡᠷ ᠠᠩᢉᠢ ᠶ᠋ᠢᠨ ᠠᠯᠪᠠ ᠬᠠᠭᠠᠭᠴᠢᠳ ᠤᠨ ᠤᠯᠤᠰ ᠣᠷᠤᠨ ᠢᠢᠠᠨ ᠪᠠᠲᠤᠯᠠᠨ ᠬᠠᠮᠠᠭᠠᠯᠠᠬᠤ᠂ ᠪᠦᠲᠦᠭᠡᠨ ᠪᠠᠢᠢᠭᠤᠯᠬᠤ ᠶᠡᠬᠡ ᠦᠢᠯᠡᠰ ᠲᠦ ᠥᠨᠳᠦᠷ ᠠᠮᠵᠢᠯᠲᠠ ᠬᠦᠰᠡᠵᠦ᠂ ᠭᠡᠷ ᠪᠦᠯᠢ ᠳ᠋ᠦ ᠨᠢ ᠡᠷᠡᢉᠦᠯ ᠡᠩᠬᠡ᠂ ᠠᠵᠠ ᠵᠢᠷᠭᠠᠯ᠂ ᠰᠠᠢᠢᠨ ᠰᠠᠢᠢᠬᠠᠨ ᠪᠦᠬᠦᠨ ᠢ᠋ ᠬᠦᠰᠡᠨ ᠢᠷᠦᠭᠡᠪᠡ᠃

ᠮᠣᠩ᠋ᠭᠤᠯ ᠤᠯᠤᠰ ᠤᠨ ᠶᠡᠷᠦᠩᠬᠡᠢᠢᠯᠡᢉᠴᠢ᠂ ᠵᠡᠪᠰᠡᢉᠲᠦ ᠬᠦᠴᠦᠨ ᠤ ᠶᠡᠷᠦᠩᠬᠡᠢ ᠻᠣᠮᠠᠨᠳ᠋ᠯᠠᠭᠴᠢ ᠶ᠋ᠢ ᠲᠤᠰᠠ ᠠᠩᢉᠢ ᠳ᠋ᠤ ᠠᠵᠢᠯᠯᠠᠬᠤ ᠦᠶ᠎ᠡ ᠪᠡᠷ ᠮᠠᠱᠢᠨ᠂ ᠲᠧᠭᠨᠢᠭ ᠭᠠᠷᠳᠠᠭᠤᠯᠤᠯ᠎ᠠ᠃