Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠤᠯ ᠤᠯᠤᠰ ᠤᠨ ᠶᠡᠷᠦᠩᠬᠡᠢᠢᠯᠡᢉᠴᠢ ᠤ᠂ ᠬᠦᠷᠡᠯᠰᠦ᠋ᠬᠡ ᠳ᠋ᠦ ᠪᠦᠭᠦᠳᠡ ᠨᠠᠢᠢᠷᠠᠮᠳᠠᠬᠤ ᠲᠦᠷᠻ ᠤᠯᠤᠰ ᠤᠨ ᠶᠡᠷᠦᠩᠬᠡᠢᠢᠯᠡᢉᠴᠢ ᠲᠠᠯᠠᠷᠬᠠᠯ ᠤᠨ ᠵᠠᠬᠢᠳᠠᠯ ᠢᠷᠡᠭᠦᠯᠪᠡ

ᠮᠣᠩ᠋ᠭᠤᠯ ᠤᠯᠤᠰ ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠳ᠋ᠦ ᠪᠦᢉᠦᠳᠡ ᠨᠠᠢᠢᠷᠠᠮᠳᠠᠬᠤ ᠲᠦᠷᠻ ᠤᠯᠤᠰ ᠤᠨ ᠶᠡᠷᠦᠩᠬᠡᠢᠢᠯᠡᢉᠴᠢ ᠷᠡᠵᠡᠫ ᠲᠠᠢᠢᠫ ᠡᠷᠳᠣᠾᠠᠨ ᠲᠠᠯᠠᠷᠬᠠᠯ ᠤᠨ ᠵᠠᠬᠢᠳᠠᠯ ᠢᠷᠡᢉᠦᠯᠪᠡ᠃

ᠤᠭ ᠵᠠᠬᠢᠳᠠᠯ ᠳ᠋ᠤ᠂

“ᠬᠦᠨᠳᠦᠲᠦ ᠶᠡᠷᠦᠩᠬᠡᠢᠢᠯᠡᢉᠴᠢ᠂ ᠡᠷᠬᠢᠮ ᠠᠨᠳᠠ ᠠ᠂

ᠻᠠᠾᠷᠠᠮᠠᠨ᠋ᠮᠠᠷᠠᠰᠢ ᠪᠣᠯᠤᠨ ᠣᠢᠢᠷ᠎ᠠ ᠣᠷᠴᠢᠮ ᠤᠨ ᠑᠐ ᠮᠤᠵᠢ ᠶ᠋ᠢ ᠬᠠᠮᠤᠷᠴᠤ᠂ ᠤᠯᠤᠰ ᠣᠷᠤᠨ ᠳ᠋ᠤ ᠮᠠᠨᠢ ᠶᠡᠬᠡ ᠬᠡᠮᠵᠢᠶᠡᠨ ᠤ ᠰᠦᠢᠷᠡᠯ᠂ ᠭᠠᠢ ᠵᠣᠪᠠᠯᠠᠩ ᠠᠪᠴᠢᠷᠠᠭᠰᠠᠨ ᠬᠦᠴᠦ ᠲᠡᠢ ᠭᠠᠵᠠᠷ ᠬᠥᠳᠡᠯᠦᠯᠲᠡ ᠲᠡᠢ ᠬᠣᠯᠪᠤᠭᠳᠠᠭᠤᠯᠤᠨ ᠡᠮᠭᠡᠨᠢᠯ ᠦ᠋ᠨ ᠵᠠᠬᠢᠳᠠᠯ ᠢᠯᠡᠭᠡᠨ ᠪᠢᠳᠡᠨ ᠤ ᠤᠢ ᠭᠠᠰᠢᠭᠤ ᠶ᠋ᠢ ᠬᠤᠪᠢᠶᠠᠯᠴᠠᠵᠤ᠂ ᠨᠡᠩ ᠳᠠᠷᠤᠢ ᠲᠤᠰᠠᠯᠠᠮᠵᠢ ᠦᠵᠡᢉᠦᠯᠦᢉᠰᠡᠨ ᠳ᠋ᠦ ᠪᠦᢉᠦᠳᠡ ᠨᠠᠢᠢᠷᠠᠮᠳᠠᠬᠤ ᠲᠦᠷᠻ ᠤᠯᠤᠰ ᠤᠨ ᠨᠡᠷ᠎ᠡ ᠶ᠋ᠢᠨ ᠡᠮᠦᠨ᠎ᠡ ᠡᠴᠡ ᠪᠣᠯᠤᠨ ᠬᠤᠪᠢ ᠠ᠋ᠴᠠ ᠪᠠᠨ ᢉᠦᠨ ᠲᠠᠯᠠᠷᠬᠠᠯ ᠢᠯᠡᠷᠬᠡᠢᠢᠯᠡᠶ᠎ᠡ᠃

”ᠲᠠ ᠪᠦᠬᠦᠨ ᠤ ᠲᠤᠰᠠᠯᠠᠮᠵᠢ ᠬᠠᠬᠢᠷ ᠡᠪᠦᠯ ᠦ᠋ᠨ ᠬᠦᠨᠳᠦ ᠡᠳᠦᠷ ᠦ᠋ᠳ ᠲᠦ ᠭᠠᠵᠠᠷ ᠬᠥᠳᠡᠯᠦᠯᠲᠡ ᠶ᠋ᠢᠨ ᠭᠠᠮᠰᠢᠭ ᠲᠠᠢ ᠨᠢᠭᠤᠷ ᠲᠤᠯᠤᠭᠰᠠᠨ ᠮᠠᠨ ᠤ᠋ ᠠᠷᠠᠳ ᠲᠦᠮᠡᠨ ᠳ᠋ᠦ ᠨᠡᠩ ᠶᠡᠬᠡ ᠲᠤᠰᠠ ᠬᠦᠷᠬᠡᢉᠰᠡᠨ᠃

ᠮᠣᠩ᠋ᠭᠣᠯ ᠤᠯᠤᠰ ᠤᠨ ᠠᠪᠤᠷᠠᠬᠤ᠂ ᠡᠷᠢᠨ ᠬᠠᠢᠢᠬᠤ ᠪᠠᠭ ᠥᠪᠡᠷᠰᠡᠳ ᠦ᠋ᠨ ᠠᠮᠢ ᠨᠠᠰᠤ ᠶ᠋ᠢ ᠦᠯᠦ ᠬᠠᠢᠢᠷᠠᠯᠠᠨ᠂ ᠨᠤᠷᠠᠩᢉᠢ ᠳ᠋ᠤ ᠳᠠᠷᠤᠭᠳᠠᠭᠰᠠᠨ ᠢᠷᠭᠡᠳ ᠢ᠋ ᠠᠪᠤᠷᠠᠬᠤ ᠶ᠋ᠢᠨ ᠲᠥᠯᠦᠭᠡ ᠭᠠᠷᠭᠠᠭᠰᠠᠨ ᠬᠢᠴᠢᠶᠡᠯ ᠵᠢᠳᠬᠦᠯ ᠢ᠋ ᠪᠢᠳᠡ ᠦᠷᢉᠦᠯᠵᠢ ᠲᠠᠯᠠᠷᠬᠠᠨ ᠰᠠᠨᠠᠬᠤ ᠪᠣᠯᠤᠨ᠎ᠠ᠃

ᠡᠨᠡ ᠵᠠᠪᠰᠢᠶᠠᠨ ᠢ᠋ ᠲᠣᠬᠢᠶᠠᠯᠳᠤᠭᠤᠯᠤᠨ ᠠᠬᠠᠨ ᠳᠡᢉᠦᠰ ᠦ᠋ᠨ ᠬᠠᠷᠢᠯᠴᠠᠭ᠎ᠠ ᠲᠠᠢ ᠮᠣᠩ᠋ᠭᠣᠯ ᠤᠯᠤᠰ ᠤᠨ ᠠᠷᠠᠳ ᠲᠦᠮᠡᠨ ᠳ᠋ᠦ ᠡᠷᠡᢉᠦᠯ ᠡᠩᠬᠡ᠂ ᠠᠵᠠ ᠵᠢᠷᠭᠠᠯ᠂ ᠬᠠᠮᠤᠭ ᠤᠨ ᠰᠠᠢᠢᠨ ᠰᠠᠢᠢᠬᠠᠨ ᠢ᠋ ᠬᠦᠰᠡᠨ ᠢᠷᠦᠭᠡᠶ ᠡ ” ᠭᠡᠵᠡᠢ᠃