Та "Internet explorer"-ийн сүүлийн хувилбар болох "Microsoft edge"-г ашиглана уу

Хэрэв "Microsoft edge"-г татах бол энд дарж татаж авна уу

“ᠴᠡᠩᠬᠡᠷ ᠠᠯᠲᠠ” ᠤᠰᠤᠨ ᠤ ᠰᠠᠯᠪᠤᠷᠢ ᠶ᠋ᠢᠨ ᠦᠨᠳᠦᠰᠦᠨ ᠤ ᠴᠢᠭᠤᠯᠭᠠᠨ ᠡᠴᠠ ᠭᠠᠷᠤᠭᠰᠠᠨ ᠵᠥᠪᠯᠡᠮᠵᠢ ᠶ᠋ᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ

ᠮᠣᠩ᠋ᠭᠤᠯ ᠤᠯᠤᠰ ᠤᠨ ᠶᠡᠷᠦᠩᠬᠡᠢᠢᠯᠡᢉᠴᠢ ᠶ᠋ᠢᠨ ᠰᠠᠨᠠᠭᠠᠴᠢᠯᠭ᠎ᠠ ᠪᠠᠷ ᠵᠣᠬᠢᠶᠠᠨ ᠪᠠᠢᠢᠭᠤᠯᠤᠭᠰᠠᠨ “ᠴᠡᠩᠬᠡᠷ ᠠᠯᠲᠠ” ᠦᠨᠳᠦᠰᠦᠨ ᠤ ᠴᠢᠭᠤᠯᠭᠠᠨ ᠢᠢᠠᠷ ᠤᠰᠤᠨ ᠤ᠋ ᠨᠥᠭᠡᠴᠡ ᠶ᠋ᠢ ᠪᠣᠬᠢᠷᠳᠠᠵᠤ᠂ ᠬᠣᠮᠰᠠᠳᠠᠬᠤ ᠠ᠋ᠴᠠ ᠬᠠᠮᠠᠭᠠᠯᠠᠬᠤ᠂ ᠤᠰᠤᠨ ᠤ᠋ ᠦᠨ᠎ᠡ ᠴᠡᠨ᠎ᠡ᠂ ᠦᠨᠡᠯᠡᠮᠵᠢ ᠶ᠋ᠢ ᠨᠡᠮᠡᢉᠳᠡᢉᠦᠯᠬᠦ᠂ ᠤᠰᠤ ᠬᠠᠩ᠋ᠭᠠᠮᠵᠢ ᠶ᠋ᠢᠨ ᠲᠣᠭᠲᠠᠪᠤᠷᠢᠲᠠᠢ ᠪᠠᠢᠢᠳᠠᠯ ᠢ᠋ ᠬᠠᠩ᠋ᠭᠠᠬᠤ ᠵᠣᠷᠢᠯᠭ᠎ᠠ ᠪᠠᠷ ᠰᠠᠯᠪᠤᠷᠢ ᠶ᠋ᠢᠨ ᠬᠠᠤᠯᠢ᠂ ᠡᠷᠬᠡ ᠵᠦᠢ ᠶ᠋ᠢᠨ ᠣᠷᠴᠢᠨ ᠢ᠋ ᠰᠢᠨᠡᠴᠢᠯᠡᠬᠦ᠂ ᠵᠠᠰᠠᠭᠯᠠᠯ᠂ ᠪᠣᠳᠤᠯᠭ᠎ᠠ ᠶ᠋ᠢ ᠰᠠᠢᠢᠵᠢᠷᠠᠭᠤᠯᠬᠤ᠂ ᠲᠤᠯᠭᠠᠮᠳᠠᠭᠰᠠᠨ ᠠᠰᠠᠭᠤᠳᠠᠯ ᠢ᠋ ᠰᠢᠢᠳᠪᠦᠷᠢᠯᠡᠬᠦ᠂ ᠬᠦᠮᠦᠨ ᠤ ᠨᠥᠭᠡᠴᠡ ᠶ᠋ᠢ ᠪᠦᠷᠢᠳᠦᢉᠦᠯᠬᠦ᠂ ᠴᠢᠳᠠᠪᠬᠢᠵᠢᠭᠤᠯᠬᠤ ᠲᠠᠯ ᠠ ᠪᠠᠷ ᠳᠠᠷᠠᠭᠠᠬᠢ ᠵᠥᠪᠯᠡᠮᠵᠢ ᠶ᠋ᠢ ᠭᠠᠷᠭᠠᠪᠠ᠃

ᠨᠢᠭᠡ᠃ ᠬᠠᠤᠯᠢ ᠡᠷᠬᠡ ᠵᠦᠢ᠂ ᠵᠠᠰᠠᠭᠯᠠᠯ ᠢ᠋ ᠰᠠᠢᠢᠵᠢᠷᠠᠭᠤᠯᠬᠤ ᠴᠢᢉᠯᠡᠯ ᠢᠢᠡᠷ:
᠑᠂᠑᠃ ᠤᠰᠤᠨ ᠤ᠋ ᠰᠠᠯᠪᠤᠷᠢ ᠶ᠋ᠢᠨ ᠵᠠᠰᠠᠭᠯᠠᠯ ᠢ᠋ ᠪᠡᠬᠢᠵᠢᢉᠦᠯᠬᠦ᠂ ᠡᠷᠬᠡ ᠵᠦᠢ ᠶ᠋ᠢᠨ ᠣᠷᠴᠢᠨ ᠢ᠋ ᠪᠣᠯᠪᠠᠰᠤᠷᠠᠩ᠋ᠭᠤᠢ ᠪᠣᠯᠭᠠᠬᠤ᠂ ᠤᠰᠤᠨ ᠤ᠋ ᠲᠤᠬᠠᠢ ᠬᠠᠤᠯᠢ᠂ ᠤᠰᠤ ᠪᠣᠬᠢᠷᠳᠠᠭᠤᠯᠤᠭᠰᠠᠨ ᠤ᠋ ᠲᠥᠯᠦᠪᠦᠷᠢ ᠶ᠋ᠢᠨ ᠲᠤᠬᠠᠢ ᠬᠠᠤᠯᠢ᠂ ᠪᠠᠢᠢᠭᠠᠯᠢ ᠶ᠋ᠢᠨ ᠨᠥᠭᠡᠴᠡ ᠠᠰᠢᠭᠯᠠᠭᠰᠠᠨ ᠤ᠋ ᠲᠥᠯᠦᠪᠦᠷᠢ ᠶ᠋ᠢᠨ ᠲᠤᠬᠠᠢ ᠬᠠᠤᠯᠢ ᠨᠤᠭᠤᠳ ᠢ᠋ ᠴᠣᠭᠴᠠ ᠪᠠᠷ ᠨᠢ ᠰᠢᠨᠡᠴᠢᠯᠡᠵᠦ ᠰᠠᠢᠢᠵᠢᠷᠠᠭᠤᠯᠬᠤ;

᠑᠂᠒᠃ ᠰᠠᠪᠠ ᠭᠠᠵᠠᠷ ᠤᠨ ᠵᠠᠬᠢᠷᠭᠠᠳ ᠤᠨ ᠦᠢᠯᠡ ᠠᠵᠢᠯᠯᠠᠭ᠎ᠠ ᠶ᠋ᠢ ᠪᠡᠬᠢᠵᠢᢉᠦᠯᠬᠦ᠂ ᠪᠦᠬᠦ ᠲᠠᠯ ᠠ ᠪᠡᠷ ᠳᠡᠮᠵᠢᠬᠦ᠂ ᠰᠠᠩᠬᠦᠵᠢᠯᠲᠡ ᠶ᠋ᠢ ᠨᠡᠮᠡᢉᠳᠡᢉᠦᠯᠬᠦ᠂ ᠰᠠᠪᠠ ᠭᠠᠵᠠᠷ ᠤᠨ ᠲᠠᠯ᠎ᠠ ᠨᠤᠭᠤᠳ ᠤᠨ ᠣᠷᠤᠯᠴᠠᠭᠠᠨ ᠤ᠋ ᠵᠥᠪᠯᠡᠯ ᠦ᠋ᠨ ᠦᠢᠯᠡ ᠠᠵᠢᠯᠯᠠᠭ᠎ᠠ ᠶ᠋ᠢ ᠡᠷᠴᠢᠮᠵᠢᢉᠦᠯᠬᠦ;

᠑᠂᠓᠃ ᠮᠣᠩ᠋ᠭᠣᠯ ᠤᠯᠤᠰ ᠤᠨ ᠶᠡᠷᠦᠩᠬᠡᠢ ᠰᠠᠢᠢᠳ ᠢᠢᠠᠷ ᠠᠬᠠᠯᠠᠭᠤᠯᠤᠭᠰᠠᠨ ᠤᠰᠤᠨ ᠤ᠋ ᠦᠨᠳᠦᠰᠦᠨ ᠤ ᠵᠥᠪᠯᠡᠯ ᠦ᠋ᠨ ᠬᠤᠷᠠᠯ ᠢ᠋ ᠤᠯᠠᠷᠢᠯ ᠲᠤᠲᠤᠮ ᠳ᠋ᠤ ᠵᠣᠬᠢᠶᠠᠨ ᠪᠠᠢᠢᠭᠤᠯᠵᠤ᠂ ᠵᠥᠪᠯᠡᠯ ᠦ᠋ᠨ ᠲᠥᠯᠦᠪᠯᠡᠭᠡ ᠶ᠋ᠢ ᠬᠡᠷᠡᢉᠵᠢᢉᠦᠯᠦᠨ᠂ ᠰᠠᠯᠪᠤᠷᠢ ᠶ᠋ᠢᠨ ᠲᠤᠯᠭᠠᠮᠳᠠᠭᠰᠠᠨ ᠠᠰᠠᠭᠤᠳᠠᠯ ᠢ᠋ ᠬᠡᠯᠡᠯᠴᠡᢉᠦᠯᠵᠦ᠂ ᠪᠣᠳᠤᠯᠭ᠎ᠠ ᠶ᠋ᠢᠨ ᠵᠥᠪᠯᠡᠮᠵᠢ ᠶ᠋ᠢ ᠭᠠᠷᠭᠠᠨ ᠦᠨᠳᠦᠰᠦᠨ ᠤ ᠠᠶᠤᠯ ᠦᠭᠡᠢ ᠪᠠᠢᠢᠳᠠᠯ ᠤᠨ ᠵᠥᠪᠯᠡᠯ ᠳ᠋ᠦ ᠲᠠᠨᠢᠯᠴᠠᠭᠤᠯᠬᠤ;

᠑᠂᠔᠃ ᠤᠰᠤᠨ ᠤ᠋ ᠦᠨ᠎ᠡ ᠲᠠᠷᠢᠹ᠂ ᠤᠰᠤᠨ ᠤ᠋ ᠨᠥᠭᠡᠴᠡ ᠶ᠋ᠢᠨ ᠲᠥᠯᠦᠪᠦᠷᠢ ᠶ᠋ᠢ ᠰᠢᠨᠡᠴᠢᠯᠡᠬᠦ᠂ ᠠᠭᠤᠯᠠ ᠠᠭᠤᠷᠬᠠᠢ᠂ ᠦᠢᠯᠡᠳᠪᠦᠷᠢᠯᠡᠯ ᠦ᠋ᠨ ᠵᠣᠷᠢᠭᠤᠯᠤᠯᠲᠠ ᠪᠠᠷ ᠭᠠᠵᠠᠷ ᠤᠨ ᠳᠣᠣᠷᠠᠬᠢ ᠤᠰᠤᠨ ᠤ᠋ ᠨᠥᠭᠡᠴᠡ ᠶ᠋ᠢᠨ ᠠᠰᠢᠭᠯᠠᠯᠲᠠ ᠶ᠋ᠢ ᠦᠶ᠎ᠡ ᠱᠠᠲᠤ ᠲᠠᠢ ᠪᠠᠷ ᠬᠢᠵᠠᠭᠠᠷᠯᠠᠬᠤ᠂ ᠬᠠᠶᠠᠭᠳᠠᠯ ᠤᠰᠤ ᠶ᠋ᠢ ᠴᠡᠪᠡᠷᠰᠢᢉᠦᠯᠵᠦ ᠳᠠᠬᠢᠨ ᠠᠰᠢᠭᠯᠠᠬᠤ ᠲᠧᠭᠨᠣᠯᠣᢉᠢ ᠶ᠋ᠢ ᠨᠡᠪᠲᠡᠷᠡᢉᠦᠯᠬᠦ ᠬᠠᠤᠯᠢ ᠡᠷᠬᠡ ᠵᠦᠢ ᠶ᠋ᠢᠨ ᠵᠣᠬᠢᠴᠠᠭᠤᠯᠤᠯᠲᠠ ᠶ᠋ᠢ ᠰᠠᠢᠢᠵᠢᠷᠠᠭᠤᠯᠬᠤ;

᠑᠂᠕᠃ ᠤᠰᠤᠨ ᠤ᠋ ᠰᠲ᠋ᠠᠨᠳ᠋ᠠᠷᠲ᠋ ᠢ ᠰᠢᠨᠡᠴᠢᠯᠡᠨ᠂ ᠰᠠᠢᠢᠵᠢᠷᠠᠭᠤᠯᠬᠤ᠃

ᠬᠣᠶᠠᠷ᠃ ᠤᠰᠤᠨ ᠤ᠋ ᠨᠥᠭᠡᠴᠡ ᠶ᠋ᠢ ᠬᠣᠮᠰᠠᠳᠠᠯ᠂ ᠪᠣᠬᠢᠷᠳᠠᠯ ᠠ᠋ᠴᠠ ᠬᠠᠮᠠᠭᠠᠯᠠᠬᠤ᠂ ᠬᠤᠷᠠᠮᠲᠤᠯᠠᠭᠤᠯᠬᠤ ᠴᠢᢉᠯᠡᠯ ᠢᠢᠡᠷ:
᠒᠂᠑᠃ ᠠᠷᠠᠳ ᠢᠷᠭᠡᠳ ᠢ᠋ ᠪᠠᠲᠤᠯᠠᠭᠠᠲᠤ ᠤᠮᠳᠠᠨ ᠤ᠋ ᠤᠰᠤ ᠪᠠᠷ ᠨᠠᠢᠢᠳᠠᠪᠤᠷᠢᠲᠠᠢ ᠬᠠᠩ᠋ᠭᠠᠬᠤ᠂ ᠭᠣᠪᠢ᠂ ᠲᠠᠯ᠎ᠠ ᠬᠡᠭᠡᠷ᠎ᠡ ᠶ᠋ᠢᠨ ᠪᠦᠰᠡ ᠨᠤᠲᠤᠭ ᠲᠤ ᠤᠰᠤ ᠶ᠋ᠢ ᠬᠤᠷᠠᠮᠲᠤᠯᠠᠭᠤᠯᠤᠨ ᠰᠢᠯᠵᠢᢉᠦᠯᠬᠦ ᠵᠠᠮ ᠢᠢᠠᠷ ᠤᠰᠤᠨ ᠤ᠋ ᠨᠥᠭᠡᠴᠡ ᠶ᠋ᠢᠨ ᠲᠣᠭᠲᠠᠪᠤᠷᠢᠲᠠᠢ ᠪᠠᠢᠢᠳᠠᠯ ᠢ᠋ ᠪᠤᠢ ᠪᠣᠯᠭᠠᠬᠤ᠂ ᠣᠷᠬᠤᠨ ᠆ ᠣᠩᢉᠢ᠂ ᠣᠷᠬᠤᠨ ᠭᠣᠪᠢ᠂ ᠬᠡᠷᠦᠯᠦᠨ ᠲᠣᠭᠤᠨ᠎ᠠ᠂ ᠰᠢᠷᠦᠨ ᠵᠡᠷᠭᠡ ᠬᠥᢉᠵᠢᠯ ᠦ᠋ᠨ ᠲᠥᠰᠦᠯ ᠦ᠋ᠳ ᠦ᠋ᠨ ᠬᠡᠷᠡᢉᠵᠢᠯᠲᠡ ᠶ᠋ᠢ ᠡᠷᠴᠢᠮᠵᠢᢉᠦᠯᠬᠦ᠂ ᠪᠠᠢᠢᠭᠠᠯᠢ ᠣᠷᠴᠢᠨ ᠤ᠋ ᠰᠲ᠋ᠷᠠᠲ᠋ᠧᢉᠢ ᠶ᠋ᠢᠨ ᠦᠨᠡᠯᠡᠭᠡ᠂ ᠲᠧᠭᠨᠢᠭ ᠡᠳ᠋ ᠤᠨ ᠵᠠᠰᠠᠭ ᠤᠨ ᠦᠨᠳᠦᠰᠦᠯᠡᠯ ᠢ᠋ ᠶᠠᠭᠠᠷᠠᠯᠲᠠᠢ ᠪᠣᠯᠪᠠᠰᠤᠷᠠᠭᠤᠯᠬᠤ᠂ ᠰᠠᠩᠬᠦᠵᠢᠯᠲᠡ ᠶ᠋ᠢ ᠰᠢᠢᠳᠪᠦᠷᠢᠯᠡᠬᠦ;
᠒᠂᠒᠃ ᠠᠢᠢᠮᠠᠭ᠂ ᠨᠡᠢᠢᠰᠯᠡᠯ ᠪᠦᠷᠢ ᠤᠰᠤᠨ ᠤ᠋ ᠰᠠᠩ ᠪᠦᠬᠦᠢ ᠭᠠᠵᠠᠷ ᠤᠨ ᠬᠠᠮᠠᠭᠠᠯᠠᠯᠲᠠ ᠶ᠋ᠢᠨ ᠪᠦᠰᠡ᠂ ᠤᠰᠤ ᠬᠠᠩ᠋ᠭᠠᠮᠵᠢ ᠶ᠋ᠢᠨ ᠡᠬᠡ ᠡᢉᠦᠰᠪᠦᠷᠢ ᠶ᠋ᠢᠨ ᠡᠷᠡᢉᠦᠯ ᠠᠬᠤᠢ ᠶ᠋ᠢᠨ ᠪᠦᠰᠡ ᠶ᠋ᠢᠨ ᠬᠠᠮᠠᠭᠠᠯᠠᠯᠲᠠ ᠶ᠋ᠢᠨ ᠪᠦᠰᠡ ᠶ᠋ᠢ ᠲᠣᠭᠲᠠᠭᠠᠨ᠂ ᠬᠡᠷᠡᢉᠵᠢᢉᠦᠯᠬᠦ᠂ ᠣᠯᠠᠨ ᠨᠡᠢᠢᠲᠡ ᠶ᠋ᠢᠨ ᠬᠠᠮᠲᠤ ᠶ᠋ᠢᠨ ᠣᠷᠤᠯᠴᠠᠭ᠎ᠠ ᠶ᠋ᠢ ᠬᠠᠩ᠋ᠭᠠᠬᠤ;
᠒᠂᠓᠃ ᠭᠠᠵᠠᠷ ᠤᠨ ᠳᠣᠣᠷᠠᠬᠢ ᠤᠰᠤᠨ ᠤ᠋ ᠬᠠᠢᠢᠭᠤᠯ ᠰᠤᠳᠤᠯᠭ᠎ᠠ ᠶ᠋ᠢ ᠨᠡᠮᠡᢉᠳᠡᢉᠦᠯᠬᠦ᠂ ᠨᠥᠭᠡᠴᠡ ᠶ᠋ᠢ ᠵᠣᠷᠢᠭᠤᠳᠠ ᠪᠠᠷ ᠠᠷᠪᠢᠵᠢᠭᠤᠯᠬᠤ᠂ ᠳᠡᠪᠰᠢᠯᠲᠡᠲᠦ ᠲᠧᠭᠨᠣᠯᠣᢉᠢ ᠶ᠋ᠢ ᠨᠡᠪᠲᠡᠷᠡᢉᠦᠯᠬᠦ᠂ ᠷᠠᠰᠢᠶᠠᠨ ᠤ᠋ ᠪᠣᠯᠤᠨ ᠭᠠᠵᠠᠷ ᠤᠨ ᢉᠦᠨ ᠤ ᠳᠤᠯᠠᠭᠠᠨ ᠤ᠋ ᠰᠤᠳᠤᠯᠭ᠎ᠠ ᠶ᠋ᠢ ᠡᠷᠴᠢᠮᠵᠢᢉᠦᠯᠵᠦ᠂ ᠵᠣᠬᠢᠰᠲᠠᠢ ᠠᠰᠢᠭᠯᠠᠬᠤ ᠨᠥᠬᠦᠴᠡᠯ ᠢ᠋ ᠪᠦᠷᠢᠳᠦᢉᠦᠯᠬᠦ;
᠒᠂᠔᠃ ᠤᠰᠤᠨ ᠤ᠋ ᠨᠥᠭᠡᠴᠡ ᠶ᠋ᠢᠨ ᠬᠢᠨᠠᠯᠲᠠ ᠆ᠰᠢᠨᠵᠢᠯᠡᠭᠡᠨ ᠤ ᠰᠦᠯᠵᠢᠶ᠎ᠡ ᠶ᠋ᠢ ᠥᠷᠭᠡᠳᠬᠡᠬᠦ᠂ ᠣᠯᠠᠨ ᠤᠯᠤᠰ ᠤᠨ ᠰᠲ᠋ᠠᠨᠳ᠋ᠠᠷᠲ᠋ ᠲᠤ ᠨᠡᠢᠢᠴᠡᢉᠦᠯᠦᠨ ᠪᠣᠯᠪᠠᠰᠤᠷᠠᠩ᠋ᠭᠤᠢ ᠪᠣᠯᠭᠠᠬᠤ᠂ ᠴᠠᠬᠢᠮ ᠰᠢᠰᠲ᠋ᠧᠮ ᠢ᠋ ᠨᠡᠪᠲᠡᠷᠡᢉᠦᠯᠬᠦ᠂ ᠰᠠᠭᠤᠷᠢ ᠪᠠᠭᠠᠵᠠ ᠶ᠋ᠢ ᠪᠡᠬᠢᠵᠢᢉᠦᠯᠬᠦ᠂ ᠰᠠᠩᠬᠦᠵᠢᠯᠲᠡ ᠶ᠋ᠢ ᠰᠢᠢᠢᠳᠪᠦᠷᠢᠯᠡᠬᠦ;
᠒᠂᠕᠃ ᠤᠰᠤᠨ ᠤ᠋ ᠨᠥᠭᠡᠴᠡ ᠳ᠋ᠦ ᠦᠵᠡᢉᠦᠯᠬᠦ ᠠᠭᠤᠷ ᠠᠮᠢᠰᠬᠤᠯ ᠤᠨ ᠥᠭᠡᠷᠡᠴᠢᠯᠡᠯᠲᠡ ᠶ᠋ᠢᠨ ᠨᠥᠯᠦᠭᠡ ᠶ᠋ᠢ ᠲᠣᠳᠤᠷᠬᠠᠢᠢᠯᠠᠵᠤ᠂ ᠲᠥᠯᠦᠪᠯᠡᠯᠲᠡ ᠳ᠋ᠦ ᠲᠤᠰᠬᠠᠨ᠂ ᠳᠠᠰᠤᠨ ᠵᠣᠬᠢᠴᠠᠬᠤ ᠠᠷᠭ᠎ᠠ ᠬᠡᠮᠵᠢᠶ᠎ᠡ ᠶ᠋ᠢ ᠬᠡᠷᠡᢉᠵᠢᢉᠦᠯᠬᠦ;

᠒᠂᠖᠃ ᠤᠰᠤᠨ ᠤ᠋ ᠰᠲ᠋ᠠᠲ᠋ᠢᠰᠲ᠋ᠢᠭ᠂ ᠲᠣᠭ᠎ᠠ᠂ ᠮᠡᠳᠡᠭᠡᠯᠡᠯ ᠢ᠋ ᠨᠢᠭᠡᠳᠬᠡᠨ᠂ ᠴᠠᠬᠢᠮ ᠬᠡᠯᠪᠡᠷᠢ ᠳᠦ ᠣᠷᠤᠭᠤᠯᠵᠤ᠂ ᠨᠡᠭᠡᠭᠡᠯᠲᠡ ᠲᠡᠢ ᠢᠯᠡ ᠲᠣᠳᠤ ᠪᠣᠯᠭᠠᠬᠤ;

᠒᠂᠗᠃ ᠭᠣᠣᠯ ᠤᠰᠤᠨ ᠤ᠋ ᠡᠬᠢᠨ ᠳ᠋ᠦ᠂ ᠣᠢ᠂ ᠤᠰᠤᠨ ᠤ᠋ ᠰᠠᠩ ᠪᠦᠬᠦᠢ ᠭᠠᠵᠠᠷ ᠲᠤ ᠠᠭᠤᠯᠠ ᠠᠭᠤᠷᠬᠠᠢ ᠶ᠋ᠢᠨ ᠦᠢᠯᠡ ᠠᠵᠢᠯᠯᠠᠭ᠎ᠠ ᠡᠷᠬᠢᠯᠡᠬᠦ ᠶ᠋ᠢ ᠬᠠᠲᠠᠭᠤ ᠬᠣᠷᠢᠭᠯᠠᠬᠤ;

ᠭᠤᠷᠪᠠ᠃ ᠰᠠᠯᠪᠤᠷᠢ ᠶ᠋ᠢᠨ ᠬᠦᠮᠦᠨ ᠤ ᠨᠥᠭᠡᠴᠡ ᠶ᠋ᠢ ᠨᠡᠮᠡᢉᠳᠡᢉᠦᠯᠬᠦ᠂ ᠠᠵᠢᠯᠯᠠᠬᠤ ᠨᠥᠬᠦᠴᠡᠯ ᠢ᠋ ᠪᠦᠷᠢᠳᠦᢉᠦᠯᠬᠦ ᠴᠢᢉᠯᠡᠯ ᠢᠢᠡᠷ:
᠓᠂᠑᠃ ᠤᠰᠤᠨ ᠤ᠋ ᠰᠠᠯᠪᠤᠷᠢ ᠶ᠋ᠢᠨ ᠮᠡᠷᠭᠡᠵᠢᠯᠲᠡᠨ᠂ ᠠᠯᠪᠠᠨ ᠬᠠᠭᠠᠭᠴᠢᠳ ᠤᠨ ᠠᠵᠢᠯᠯᠠᠬᠤ ᠨᠥᠬᠦᠴᠡᠯ ᠢ᠋ ᠰᠠᠢᠢᠵᠢᠷᠠᠭᠤᠯᠬᠤ᠂ ᠴᠠᠯᠢᠩ ᠬᠥᠯᠦᠰᠦ ᠶ᠋ᠢ ᠨᠡᠮᠡᢉᠳᠡᢉᠦᠯᠬᠦ ᠵᠣᠷᠢᠯᠭ᠎ᠠ ᠪᠠᠷ ᠨᠡᠢᠢᠭᠡᠮ ᠦ᠋ᠨ ᠪᠠᠲᠤᠯᠠᠭ᠎ᠠ ᠶ᠋ᠢᠨ ᠬᠥᠲᠦᠯᠪᠦᠷᠢ ᠶ᠋ᠢᠨ ᠬᠡᠷᠡᢉᠵᠢᠯᠲᠡ ᠶ᠋ᠢ ᠬᠠᠩ᠋ᠭᠠᠬᠤ;

᠓᠂᠒᠃ ᠰᠠᠯᠪᠤᠷᠢ ᠶ᠋ᠢᠨ ᠪᠠᠢᠢᠭᠤᠯᠤᠯᠭ᠎ᠠ ᠶ᠋ᠢᠨ ᠠᠯᠪᠠᠨ ᠬᠠᠭᠠᠭᠴᠢᠳ ᠤᠨ ᠠᠩᢉᠢᠯᠠᠯ ᠵᠡᠷᠭᠡᠯᠡᠯ ᠢ᠋ ᠥᠭᠡᠷᠡᠴᠢᠯᠡᠨ᠂ ᠲᠣᠭᠲᠠᠪᠤᠷᠢ ᠰᠠᠭᠤᠷᠢᠰᠢᠯ ᠲᠠᠢ ᠠᠵᠢᠯᠯᠠᠬᠤ ᠨᠥᠬᠦᠴᠡᠯ ᠢ᠋ ᠬᠠᠩ᠋ᠭᠠᠬᠤ;

᠓᠂᠓᠃ ᠢᠷᠡᠭᠡᠳᠦᠢ ᠶ᠋ᠢᠨ ᠡᠷᠢᠯᠲᠡ ᠬᠡᠷᠡᢉᠴᠡᠭᠡᠨ ᠳ᠋ᠦ ᠲᠤᠯᠭᠠᠭᠤᠷᠢᠯᠠᠨ ᠤᠰᠤᠨ ᠤ᠋ ᠰᠠᠯᠪᠤᠷᠢ ᠶ᠋ᠢᠨ ᠬᠦᠮᠦᠨ ᠤ ᠨᠥᠭᠡᠴᠡ ᠶ᠋ᠢ ᠪᠦᠷᠢᠳᠦᢉᠦᠯᠬᠦ᠂ ᠪᠡᠯᠡᠳᠬᠡᠬᠦ᠂ ᠴᠢᠳᠠᠪᠬᠢᠵᠢᠭᠤᠯᠬᠤ ᠬᠥᠲᠦᠯᠪᠦᠷᠢ ᠶ᠋ᠢ ᠪᠣᠯᠪᠠᠰᠤᠷᠠᠭᠤᠯᠤᠨ᠂ ᠬᠡᠷᠡᢉᠵᠢᢉᠦᠯᠬᠦ;

ᠳᠥᠷᠪᠡ᠃ ᠣᠯᠠᠨ ᠨᠡᠢᠢᠲᠡ ᠶ᠋ᠢᠨ ᠬᠠᠮᠲᠤ ᠶ᠋ᠢᠨ ᠠᠵᠢᠯᠯᠠᠭ᠎ᠠ ᠶ᠋ᠢ ᠰᠠᠢᠢᠵᠢᠷᠠᠭᠤᠯᠬᠤ ᠴᠢᢉᠯᠡᠯ ᠢᠢᠡᠷ:
᠔᠂᠑᠃ ᠤᠰᠤᠨ ᠤ᠋ ᠮᠡᠷᠭᠡᠵᠢᠯ ᠦ᠋ᠨ ᠪᠠᠢᠢᠭᠤᠯᠤᠯᠭ᠎ᠠ᠂ ᠮᠡᠷᠭᠡᠵᠢᠯ ᠦ᠋ᠨ ᠬᠣᠯᠪᠤᠭᠠᠳ᠂ ᠶᠡᠬᠡ ᠳᠡᠭᠡᠳᠦ ᠰᠤᠷᠭᠠᠭᠤᠯᠢ᠂ ᠡᠷᠳᠡᠮ ᠰᠢᠨᠵᠢᠯᠡᠭᠡᠨ ᠤ ᠪᠠᠢᠢᠭᠤᠯᠤᠯᠭ᠎ᠠ ᠪᠣᠯᠤᠨ ᠲᠥᠷᠦ᠂ ᠬᠤᠪᠢ ᠶ᠋ᠢᠨ ᠬᠡᠪᠰᠢᠯ ᠦ᠋ᠨ ᠬᠠᠮᠲᠤ ᠶ᠋ᠢᠨ ᠠᠵᠢᠯᠯᠠᠭ᠎ᠠ ᠶ᠋ᠢ ᠰᠠᠢᠢᠵᠢᠷᠠᠭᠤᠯᠬᠤ;

᠔᠂᠒᠃ ᠣᠯᠠᠨ ᠨᠡᠢᠢᠲᠡ ᠳ᠋ᠦ ᠭᠣᠣᠯ ᠤᠰᠤ᠂ ᠨᠠᠭᠤᠷ ᠴᠥᢉᠦᠷᠦᠮ᠂ ᠪᠠᠢᠢᠭᠠᠯᠢ ᠳᠡᠯᠡᠬᠡᠢ ᠪᠡᠨ ᠬᠠᠢᠢᠷᠠᠯᠠᠨ ᠬᠠᠮᠠᠭᠠᠯᠠᠬᠤ᠂ ᠤᠰᠤᠨ ᠤ᠋ ᠬᠡᠷᠡᢉᠯᠡᠭᠡᠨ ᠤ ᠵᠥᠪ ᠳᠠᠳᠤᠯ ᠵᠤᠷᠰᠢᠯ ᠢ᠋ ᠪᠤᠢ ᠪᠣᠯᠭᠠᠬᠤ ᠨᠥᠯᠦᠭᠡᠯᠡᠯ ᠦ᠋ᠨ ᠠᠵᠢᠯ ᠢ᠋ ᠪᠦᠬᠦ ᠱᠠᠲᠤᠨ ᠳ᠋ᠤ ᠵᠣᠬᠢᠶᠠᠨ ᠪᠠᠢᠢᠭᠤᠯᠬᠤ᠃

ᠦᠨᠳᠦᠰᠦᠨ ᠤ ᠴᠢᠭᠤᠯᠭᠠᠨ ᠤ᠋ ᠣᠷᠤᠯᠴᠠᠭᠴᠢᠳ