Та "Internet explorer"-ийн сүүлийн хувилбар болох "Microsoft edge"-г ашиглана уу

Хэрэв "Microsoft edge"-г татах бол энд дарж татаж авна уу

ᠡᠯᠴᠢᠨ ᠰᠠᠢᠢᠳ ᠨᠠᠷ ᠢᠲᠡᠭᠡᠮᠵᠢᠯᠡᠬᠦ ᠵᠢᠭᠤᠬᠤ ᠪᠢᠴᠢᠭ ᠢᠢᠡᠨ ᠡᠷᠭᠦᠡᠨ ᠪᠠᠷᠢᠪᠠ

ᠮᠣᠩ᠋ᠭᠣᠯ ᠤᠯᠤᠰ ᠤᠨ ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠳ᠋ᠦ ᠱᠸᠧᠳ᠋ ᠤᠨ ᠬᠠᠭᠠᠨᠲᠤ ᠤᠯᠤᠰ ᠠ᠋ᠴᠠ ᠮᠣᠩ᠋ᠭᠤᠯ ᠤᠯᠤᠰ ᠲᠤ ᠬᠠᠪᠰᠤᠷᠤᠨ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠾᠧᠯᠧᠨᠠ ᠰᠠᠨᠾᠧᠯᠠᠨ᠋ᠳ᠋᠂ ᠪᠷᠦ᠋ᠨᠧᠢ ᠳᠠᠷᠤᠰᠰᠠᠯᠠᠮ᠎ ᠤᠯᠤᠰ ᠠ᠋ᠴᠠ ᠮᠣᠩ᠋ᠭᠤᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠫᠧᠬᠢᠨ᠋ ᠳ᠋ᠠᠲ᠋ᠣ᠋ ᠷᠠᠾᠮᠠᠨᠢ ᠳᠠᠲ᠋ᠤ‍ ᠪᠠᠰᠢᠷ᠂ ᠪᠦᢉᠦᠳᠡ ᠨᠠᠢᠢᠷᠠᠮᠳᠠᠬᠤ ᠯᠠᠲ᠋ᠸᠢ ᠤᠯᠤᠰ ᠠ᠋ᠴᠠ ᠮᠣᠩ᠋ᠭᠤᠯ ᠤᠯᠤᠰ ᠲᠤ ᠬᠠᠪᠰᠤᠷᠤᠨ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠮᠠᠶ᠎ᠠ ᠮᠠᠨᠢᠻᠠ᠂ ᠪᠦᢉᠦᠳᠡ ᠨᠠᠢᠢᠷᠠᠮᠳᠠᠬᠤ ᠠᠦᠰᠲ᠋ᠷᠢ ᠤᠯᠤᠰ ᠠ᠋ᠴᠠ ᠮᠣᠩ᠋ᠭᠣᠯ ᠤᠯᠤᠰ ᠲᠤ ᠬᠠᠪᠰᠤᠷᠤᠨ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠠᠨᠳ᠋ᠷᠧᠠᠰ ᠷᠡᠢᠢᠭᠡᠨ᠂ ᠢᠽᠷᠠᠢᠢᠯ ᠤᠯᠤᠰ ᠠ᠋ᠴᠠ ᠮᠣᠩ᠋ᠭᠤᠯ ᠤᠯᠤᠰ ᠲᠤ ᠬᠠᠪᠰᠤᠷᠤᠨ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠢᠷᠢᠲ ᠪᠧᠨ ᠆ᠠᠪᠪᠠ ᠸᠢᠲ᠋ᠠᠯᠧ ᠨᠠᠷ ᠢᠲᠡᠭᠡᠮᠵᠢᠯᠡᠬᠦ ᠵᠢᠭᠤᠬᠤ ᠪᠢᠴᠢᠭ᠌ ᠢᠢᠡᠨ ᠡᠷᠭᠦᠨ ᠪᠠᠷᠢᠪᠠ᠃

ᠶᠡᠷᠦᠩᠬᠡᠢᠢᠯᠡᢉᠴᠢ ᠤᠬᠤᠨ᠎ᠠ ᠶ᠋ᠢᠨ ᠬᠦᠷᠡᠯᠰᠦ᠋ᠬᠡ ᠡᠯᠴᠢᠨ ᠰᠠᠢᠢᠳ ᠨᠠᠷ ᠶ᠋ᠢ ᠡᢉᠦᠷᠭᠡᠲᠦ ᠠᠵᠢᠯ ᠳ᠋ᠤ ᠪᠠᠨ ᠣᠷᠤᠵᠤ ᠪᠤᠢ ᠳ᠋ᠤ ᠨᠢ ᠪᠠᠶᠠᠷ ᠬᠦᠷᠭᠡᠵᠦ᠂ ᠠᠵᠢᠯ ᠤᠨ ᠠᠮᠵᠢᠯᠲᠠ ᠬᠦᠰᠡᠯ᠎ᠡ᠃

ᠬᠠᠷᠢᠯᠴᠠᠭ᠎ᠠ᠂ ᠬᠠᠮᠲᠤ ᠶ᠋ᠢᠨ ᠠᠵᠢᠯᠯᠠᠭ᠎ᠠ ᠶ᠋ᠢ ᠪᠡᠬᠢᠵᠢᢉᠦᠯᠬᠦ ᠳ᠋ᠦ ᠡᠯᠴᠢᠨ ᠰᠠᠢᠢᠳ ᠨᠠᠷ ᠬᠦᠴᠦᠨ ᠴᠢᠷᠮᠠᠢᠢᠯᠲᠠ ᠭᠠᠷᠭᠠᠨ ᠠᠵᠢᠯᠯᠠᠨ᠎ᠠ ᠭᠡᠳᠡᠭ ᠲᠦ ᠢᠲᠡᠭᠡᠵᠦ ᠪᠠᠢᠢᠭ᠎ᠠ ᠪᠠᠨ ᠳᠤᠷᠠᠳᠴᠤ᠂ ᠲᠥᠷᠦ᠂ ᠵᠠᠰᠠᠭ ᠠ᠋ᠴᠠ ᠪᠦᠬᠦ ᠲᠠᠯ᠎ᠠ ᠶ᠋ᠢᠨ ᠳᠡᠮᠵᠢᠯᠭᠡ ᠦᠵᠡᢉᠦᠯᠦᠨ᠎ᠡ ᠭᠡᠳᠡᠭ ᠢᠢᠡᠨ ᠢᠯᠡᠷᠬᠡᠢᠢᠯᠡᠪᠡ᠃

ᠲᠡᢉᠦᠨᠴᠢᠯᠡᠨ ᠣᠯᠠᠨ ᠤᠯᠤᠰ ᠤᠨ ᠬᠠᠮᠲᠤ ᠶ᠋ᠢᠨ ᠨᠡᠢᠢᠭᠡᠮᠯᠢᠭ᠌᠂ ᠨᠢᠭᠡᠳᠦᠭᠰᠡᠨ ᠥᠨᠳᠥᠰᠥᠨ ᠤ ᠪᠠᠢᠢᠭᠤᠯᠤᠯᠭ᠎ᠠ ᠪᠣᠯᠤᠨ ᠣᠯᠠᠨ ᠤᠯᠤᠰ ᠤᠨ ᠪᠠᠢᠢᠭᠤᠯᠤᠯᠭ᠎ᠠ ᠶ᠋ᠢᠨ ᠬᠦᠷᠢᠶᠡᠨ ᠳ᠋ᠦ ᠬᠠᠷᠢᠯᠴᠠᠭ᠎ᠠ ᠶ᠋ᠢ ᠪᠡᠬᠢᠵᠢᢉᠦᠯᠬᠦ ᠶ᠋ᠢᠨ ᠲᠥᠯᠦᠭᠡ ᠪᠠᠢᠢᠭ᠎ᠠ ᠪᠠᠨ ᠲᠡᠮᠳᠡᢉᠯᠡᠪᠡ᠃