ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠤ ᠵᠢᠮᠢᠰ ᠴᠢᠨᠠᠮᠠᠯ ᠤᠨ 《ᠶᠡᠳᠧᠨ》ᠭᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠍ ᠳᠤ ᠠᠵᠢᠯᠯᠠᠯ᠎ᠠ᠃
ᠲᠤᠰ ᠺᠣᠮᠫᠠᠨᠢ 80 ᠭᠠᠷᠤᠢ ᠠᠵᠢᠯᠲᠠᠨ ᠲᠠᠢ᠃ 20 ᠣᠷᠴᠢᠮ ᠲᠥᠷᠦᠯ ᠦᠨ ᠵᠢᠮᠢᠰᠦᠨ ᠦ ᠴᠢᠨᠠᠮᠠᠯ᠂ ᠥᠳᠬᠡᠷᠡᠭᠦᠯᠦᠭᠰᠡᠨ ᠰᠢᠭᠦᠰᠦ ᠦᠢᠯᠡᠳᠪᠦᠷᠢᠯᠡᠨ 5᠂000 ᠭᠠᠷᠤᠢ ᠬᠤᠳᠠᠯᠳᠤᠭᠠᠨ ᠤ ᠴᠡᠭ ᠢᠶᠡᠷ ᠳᠠᠮᠵᠢᠭᠤᠯᠤᠨ ᠪᠣᠷᠣᠯᠠᠭᠤᠯᠳᠠᠭ᠃ ᠤᠪᠰ᠂ ᠵᠠᠪᠬᠠᠨ᠂ ᠬᠥᠪᠰᠥᠭᠥᠯ᠂ ᠪᠤᠯᠠᠭᠠᠨ᠂ ᠰᠡᠯᠡᠩ᠋ᠭᠡ᠂ ᠲᠥᠪ᠂ ᠬᠡᠨᠲᠡᠢ᠂ ᠬᠣᠪᠳᠣ ᠠᠢᠢᠮᠠᠭ ᠲᠤ 300 ᠭᠠᠷᠤᠢ ᠪᠡᠯᠡᠳᠬᠡᠨ ᠨᠡᠢᠢᠯᠡᠭᠦᠯᠦᠭᠴᠢ ᠲᠡᠢ᠃
ᠦᠢᠯᠡᠳᠪᠦᠷᠢ ᠨᠢ ᠬᠣᠨᠣᠭ ᠲᠤ 20᠂000-25᠂000 ᠰᠢᠷᠬᠡᠭ᠌ ᠪᠦᠲᠦᠭᠡᠭ᠍ᠳᠡᠬᠦᠨ ᠦᠢᠯᠡᠳᠪᠦᠷᠢᠯᠡᠬᠦ ᠬᠦᠴᠦᠨ ᠴᠢᠳᠠᠯ ᠲᠠᠢ ᠪᠥᠭᠡᠳ ᠢᠷᠡᠬᠦ ᠵᠢᠷᠭᠤᠭᠠᠳᠤᠭᠠᠷ ᠰᠠᠷ᠎ᠠ ᠳᠤ ᠰᠢᠨ᠎ᠡ ᠱᠤᠭᠤᠮ ᠠᠰᠢᠭᠯᠠᠯᠲᠠ ᠳᠤ ᠣᠷᠣᠭᠤᠯᠵᠤ ᠦᠢᠯᠡᠳᠪᠦᠷᠢᠯᠡᠯ ᠢᠶᠡᠨ ᠥᠷᠭᠡᠳᠬᠡᠬᠦ ᠶᠤᠮ ᠪᠠᠢᠢᠨ᠎ᠠ᠃
ᠴᠢᠨᠠᠭᠰᠢᠳᠠ ᠵᠢᠮᠢᠰ᠂ ᠨᠣᠭᠣᠭ᠎ᠠ ᠪᠣᠯᠪᠠᠰᠤᠷᠠᠭᠤᠯᠬᠤ ᠰᠢᠨ᠎ᠡ ᠦᠢᠯᠡᠳᠪᠦᠷᠢ᠂ 648 ᠮᠧᠲ᠋ᠷ ᠺᠸᠠᠳ᠋ᠷᠠᠲ ᠲᠠᠯᠠᠪᠠᠢ ᠪᠦᠬᠦᠢ ᠭᠦᠨ ᠬᠥᠯᠳᠡᠭᠡᠬᠦ᠂ 837 ᠮᠧᠲ᠋ᠷ ᠺᠸᠠᠳ᠋ᠷᠠᠲ ᠲᠠᠯᠠᠪᠠᠢ ᠲᠠᠢ ᠪᠡᠯᠡᠨ ᠪᠦᠲᠦᠭᠡᠭ᠍ᠳᠡᠬᠦᠨ ᠦ ᠠᠭᠤᠯᠬᠤ ᠪᠠᠷᠢᠵᠤ᠂ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠤ ᠵᠢᠮᠢᠰ ᠲᠠᠷᠢᠶᠠᠯᠠᠬᠤ ᠵᠢᠱᠢᠭ ᠠᠵᠤ ᠠᠬᠤᠢ ᠪᠠᠢᠢᠭᠤᠯᠬᠤ ᠪᠠᠷ ᠲᠥᠯᠦᠪᠯᠡᠵᠡᠢ᠃
《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠤ ᠤᠷᠲᠤ ᠬᠤᠭᠤᠴᠠᠭ᠎ᠠ ᠲᠠᠢ᠂ ᠬᠡᠦ ᠪᠠᠭ᠎ᠠ ᠲᠠᠢ ᠵᠢᠭᠡᠯᠡ ᠣᠯᠭᠤᠵᠤ᠂ ᠭᠠᠢᠢᠯᠢ ᠢᠢᠨ ᠠᠯᠪᠠᠨ ᠲᠠᠲᠠᠪᠤᠷᠢ ᠪᠣᠯᠤᠨ ᠨᠡᠮᠡᠭᠳᠡᠯ ᠥᠷᠲᠡᠭ ᠦᠨ ᠠᠯᠪᠠᠨ ᠲᠠᠲᠠᠪᠤᠷᠢ ᠤᠨ ᠴᠢᠯᠦᠭᠡᠯᠡᠯᠲᠡ᠂ ᠬᠥᠩ᠋ᠭᠡᠯᠡᠯᠲᠡ ᠦᠵᠡᠭᠦᠯᠵᠦ ᠪᠠᠢᠢᠭ᠎ᠠ ᠨᠢ ᠦᠢᠯᠡᠳᠪᠦᠷᠢᠯᠡᠯ ᠢᠶᠡᠨ ᠲᠠᠰᠤᠷᠠᠯᠲᠠ ᠦᠭᠡᠢ ᠶᠠᠪᠤᠭᠤᠯᠬᠤ᠂ ᠬᠦᠴᠦᠨ ᠴᠢᠳᠠᠯ ᠢᠶᠠᠨ ᠨᠡᠮᠡᠬᠦ ᠲᠣᠮᠣ ᠪᠣᠯᠤᠮᠵᠢ᠂ ᠳᠡᠮᠵᠢᠯᠭᠡ ᠭᠡᠳᠡᠭ ᠢ 《ᠶᠡᠳᠧᠨ》ᠭᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠍ ᠤᠨ ᠭᠦᠢᠴᠡᠳᠭᠡᠬᠦ ᠵᠠᠬᠢᠷᠤᠯ ᠴ᠂ ᠬᠦᠷᠡᠯᠪᠠᠭᠠᠲᠤᠷ ᠬᠡᠯᠡᠪᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠮᠥᠨ ᠡᠳᠦᠷ 《Cheese Republic Mongolia》ᠭᠢᠵᠠᠭᠠᠷᠯᠠᠭᠳᠠᠮᠠᠯ ᠬᠠᠷᠢᠭᠤᠴᠠᠯᠭ᠎ᠠ ᠲᠠᠢ ᠻᠣᠮᠫᠠᠨᠢ ᠍ᠳ᠋ᠤ ᠠᠵᠢᠯᠯᠠᠵᠤ ᠪᠢᠰᠢᠯᠠᠭ ᠦᠢᠯᠡᠳᠪᠦᠷᠢᠯᠡᠭᠴᠢᠳ ᠲᠡᠢ ᠠᠭᠤᠯᠵᠠᠯ᠎ᠠ᠃
ᠡᠨᠡ ᠦᠶ᠎ᠡ ᠪᠡᠷ 《ᠮᠣᠩ᠋ᠭᠣᠯ ᠤᠨ ᠮᠡᠷᠭᠡᠰᠢᠭᠰᠡᠨ ᠪᠢᠰᠢᠯᠠᠭ ᠦᠢᠯᠡᠳᠪᠦᠷᠢᠯᠡᠭᠴᠢᠳ ᠦᠨ ᠬᠣᠯᠪᠣᠭ᠎ᠠ》- ᠤ ᠭᠡᠰᠢᠭᠦᠨ ᠠᠵᠤ ᠠᠬᠤᠢ ᠢᠢᠨ ᠨᠢᠭᠡᠴᠡ ᠨᠦᠭᠦᠳ ᠪᠣᠯᠤᠨ ᠢᠷᠭᠡᠳ ᠪᠦᠲᠦᠭᠡᠭ᠍ᠳᠡᠬᠦᠨ ᠢᠶᠡᠨ ᠲᠠᠨᠢᠯᠴᠠᠭᠤᠯᠤᠯ᠎ᠠ᠃
ᠮᠣᠩ᠋ᠭᠣᠯᠴᠤᠳ ᠳᠣᠲᠣᠭᠠᠳᠤ ᠳᠤ ᠪᠠᠨ 150-160 ᠲᠣᠨᠨ᠋ ᠪᠢᠰᠢᠯᠠᠭ ᠦᠢᠯᠡᠳᠪᠦᠷᠢᠯᠡᠵᠦ᠂ ᠢᠮᠫᠣᠷᠲ ᠢᠶᠠᠷ 3᠂000 ᠲᠣᠨᠨ ᠪᠢᠰᠢᠯᠠᠭ ᠠᠪᠳᠠᠭ ᠭᠡᠰᠡᠨ ᠰᠤᠳᠤᠯᠭ᠎ᠠ ᠪᠠᠢᠢᠳᠠᠭ᠃
ᠪᠢᠰᠢᠯᠠᠭ ᠦᠢᠯᠡᠳᠪᠦᠷᠯᠡᠭᠴᠢᠳ ᠶᠠᠭᠤᠨ ᠤ ᠡᠮᠦᠨ᠎ᠡ ᠦᠢᠯᠡᠳᠪᠦᠷᠢᠯᠡᠯ ᠦᠨ ᠲᠧᠭᠨᠣᠯᠣᠭᠢ᠂ ᠪᠦᠲᠦᠭᠡᠭ᠍ᠳᠡᠬᠦᠨ ᠦ ᠴᠢᠨᠠᠷ ᠤᠨ ᠱᠠᠭᠠᠷᠳᠠᠯᠭ᠎ᠠ ᠢᠢ ᠣᠯᠠᠨ ᠤᠯᠤᠰ ᠤᠨ ᠲᠦᠪᠰᠢᠨ ᠳᠤ ᠬᠦᠷᠭᠡᠬᠦ᠂ ᠥᠷᠢᠰᠥᠯᠳᠥᠬᠦ ᠴᠢᠳᠠᠪᠤᠷᠢ ᠪᠠᠨ ᠰᠠᠢᠢᠵᠢᠷᠠᠭᠤᠯᠬᠤ ᠢᠢ ᠵᠣᠷᠢᠵᠤ ᠪᠠᠢᠢᠨ᠎ᠠ᠃
ᠡᠨᠡ ᠴᠢᠭᠯᠡᠯ ᠢᠶᠡᠷ ᠲᠥᠷᠥ᠂ ᠵᠠᠰᠠᠭ ᠠᠴᠠ ᠰᠠᠩᠬᠦᠦ᠂ ᠬᠥᠷᠥᠩ᠋ᠭᠡ ᠣᠷᠣᠭᠤᠯᠤᠯᠲᠠ᠂ ᠲᠠᠲᠠᠪᠤᠷᠢ ᠭᠡᠳ ᠪᠦᠬᠦ ᠲᠠᠯ᠎ᠠ ᠢᠢᠨ ᠳᠡᠮᠵᠢᠯᠭᠡ ᠦᠵᠡᠭᠦᠯᠪᠡᠯ ᠣᠢᠢᠷ᠎ᠠ ᠢᠢᠨ ᠵᠢᠯ ᠦᠳ ᠲᠤ ᠮᠣᠩ᠋ᠭᠣᠯ ᠤᠨ ᠭᠡᠰᠡᠨ ᠥᠪᠡᠷᠮᠢᠴᠡ ᠣᠨᠴᠠᠯᠢᠭ ᠲᠠᠢ ᠪᠢᠰᠢᠯᠠᠭ ᠢᠶᠠᠷ ᠳᠣᠲᠣᠭᠠᠳᠤ ᠢᠢᠨ ᠬᠡᠷᠡᠭᠴᠡᠭᠡ ᠪᠡᠨ ᠬᠠᠩ᠋ᠭᠠᠵᠤ᠂ ᠤᠯᠠᠮ ᠢᠶᠠᠷ ᠡᠺᠰᠫᠣᠷᠲ ᠲᠤ ᠭᠠᠷᠭᠠᠬᠤ ᠪᠦᠷᠢᠨ ᠪᠣᠯᠤᠮᠵᠢ ᠲᠠᠢ ᠢᠢ 《ᠮᠣᠩ᠋ᠭᠣᠯ ᠤᠨ ᠮᠡᠷᠭᠡᠰᠢᠭᠰᠡᠨ ᠪᠢᠰᠢᠯᠠᠭ ᠦᠢᠯᠡᠳᠪᠦᠷᠢᠯᠡᠭᠴᠢᠳ ᠦᠨ ᠬᠣᠯᠪᠣᠭ᠎ᠠ》- ᠍ ᠤ ᠲᠡᠷᠢᠭᠦᠨ ᠶᠠ᠊᠂ ᠡᠩᠬᠡ ᠬᠡᠯᠡᠪᠡ᠃
《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠤ ᠠᠷᠠᠯᠵᠢᠶᠠᠨ ᠤ 10 ᠪᠠᠩᠬᠢ ᠵᠢᠯ ᠦᠨ 3-5 ᠬᠤᠪᠢ ᠤᠨ ᠬᠡᠤ ᠲᠡᠢ᠂ 3-5 ᠵᠢᠯ ᠦᠨ ᠬᠤᠭᠤᠴᠠᠭ᠎ᠠ ᠲᠠᠢ᠂ ᠨᠡᠢᠢᠲᠡ ᠨᠢᠭᠡ ᠶᠡᠬᠡ ᠨᠠᠶᠤᠳ ᠲᠥᠭᠦᠷᠢᠭ᠌ ᠬᠦᠷᠲᠡᠯ᠎ᠡ ᠲᠥᠭᠦᠷᠢᠭ᠌ ᠦᠨ ᠵᠢᠭᠡᠯᠡ ᠣᠯᠭᠤᠬᠤ ᠪᠠᠷ ᠠᠵᠤ ᠠᠬᠤᠢ ᠢᠢᠨ ᠨᠢᠭᠡᠴᠡ ᠨᠦᠭᠦᠳ ᠦᠨ ᠬᠦᠰᠡᠯᠲᠦ ᠢᠢ ᠨᠢ ᠬᠦᠯᠢᠶᠡᠨ ᠠᠪᠴᠤ ᠰᠤᠳᠤᠯᠵᠤ ᠪᠠᠢᠢᠨ᠎ᠠ᠃
ᠪᠠᠷᠢᠴᠠᠭ᠎ᠠ ᠬᠥᠷᠥᠩ᠋ᠭᠡ ᠢᠢᠨ ᠱᠠᠭᠠᠷᠳᠠᠯᠭ᠎ᠠ ᠬᠠᠩ᠋ᠭᠠᠬᠤ ᠦᠭᠡᠢ ᠠᠵᠤ ᠠᠬᠤᠢ ᠢᠢᠨ ᠨᠢᠭᠡᠴᠡ ᠨᠦᠭᠦᠳ ᠲᠤ ᠵᠢᠭᠡᠯᠡ ᠢᠢᠨ ᠪᠠᠲᠤᠯᠠᠨ ᠳᠠᠭᠠᠭᠠᠯᠲᠠ ᠢᠢᠨ ᠰᠠᠨᠭ᠌ ᠵᠢᠭᠡᠯᠡ ᠢᠢᠨ ᠬᠢ ᠨᠢ 60 ᠬᠦᠷᠲᠡᠯ᠎ᠡ ᠬᠤᠪᠢ ᠳᠤ ᠪᠠᠲᠤᠯᠠᠭ᠎ᠠ ᠭᠠᠷᠭᠠᠬᠤ ᠶᠤᠮ᠃
ᠮᠥᠨ ᠵᠢᠯ ᠦᠨ 1.5 ᠲᠡᠷᠪᠤᠮ ᠲᠥᠭᠥᠷᠢᠭ᠌ ᠡᠴᠡ ᠳᠣᠭᠣᠭᠰᠢ ᠪᠣᠷᠣᠯᠠᠭᠤᠯᠤᠯᠲᠠ ᠢᠢᠨ ᠣᠷᠣᠯᠭ᠎ᠠ ᠲᠠᠢ ᠠᠵᠤ ᠠᠬᠤᠢ ᠢᠢᠨ ᠨᠢᠭᠡᠴᠡ ᠨᠦᠭᠦᠳ ᠦᠨ ᠣᠷᠣᠯᠭ᠎ᠠ ᠢᠢᠨ ᠠᠯᠪᠠᠨ ᠲᠠᠲᠠᠪᠤᠷᠢ ᠢᠢ 90 ᠬᠤᠪᠢ ᠪᠠᠷ ᠬᠥᠩ᠋ᠭᠡᠯᠡᠵᠦ᠂ ᠵᠠᠷᠢᠮ ᠲᠥᠷᠥᠯ ᠦᠨ ᠬᠦᠨᠡᠰᠦᠨ ᠦ ᠪᠦᠲᠦᠭᠡᠭ᠍ᠳᠡᠬᠦᠨ ᠢ ᠨᠡᠮᠡᠭᠳᠡᠯ ᠥᠷᠲᠡᠭ ᠦᠨ ᠠᠯᠪᠠᠨ ᠲᠠᠲᠠᠪᠤᠷᠢ ᠠᠴᠠ ᠴᠢᠯᠦᠭᠡᠯᠡᠭᠡᠳ ᠪᠠᠢᠢᠨ᠎ᠠ᠃
ᠲᠡᠭᠦᠨᠴᠢᠯᠡᠨ ᠬᠦᠨᠡᠰᠦ᠂ ᠬᠥᠳᠡᠭᠡ ᠠᠵᠤ ᠠᠬᠤᠢ ᠢᠢᠨ ᠭᠠᠷᠤᠯ ᠲᠠᠢ ᠲᠦᠭᠦᠬᠡᠢ ᠡᠳ᠋ ᠪᠣᠯᠪᠠᠰᠤᠷᠠᠭᠤᠯᠬᠤ ᠵᠣᠷᠢᠭᠤᠯᠤᠯᠲᠠ ᠲᠠᠢ᠂ ᠲᠤᠬᠠᠢ ᠢᠢᠨ ᠦᠢᠯᠡᠳᠪᠦᠷᠢ ᠢᠢᠨ ᠦᠨᠳᠦᠰᠦᠨ ᠬᠥᠷᠥᠩ᠋ᠭᠡ ᠪᠡᠷ ᠪᠦᠷᠢᠳᠬᠡᠭ᠍ᠳᠡᠬᠦ ᠰᠢᠨ᠎ᠡ ᠲᠣᠨᠣᠭ ᠲᠥᠬᠥᠭᠡᠷᠦᠮᠵᠢ ᠢᠢ 2027 ᠣᠨ ᠬᠦᠷᠲᠡᠯ᠎ᠡ ᠭᠠᠢᠢᠯᠢ ᠢᠢᠨ ᠠᠯᠪᠠᠨ ᠲᠠᠲᠠᠪᠤᠷᠢ ᠠᠴᠠ ᠴᠢᠯᠦᠭᠡᠯᠡᠭᠰᠡᠨ᠃
ᠡᠭᠦᠨ ᠳᠤ ᠨᠡᠮᠡᠭᠦᠦ ᠥᠷᠲᠡᠭ ᠰᠢᠩ᠋ᠭᠡᠭ᠍ᠰᠡᠨ ᠨᠡᠬᠡᠮᠡᠯ᠂ ᠠᠷᠠᠰᠤ ᠰᠢᠷᠢ᠂ ᠨᠣᠣᠰᠣ᠂ ᠨᠣᠯᠣᠤᠷ ᠂ ᠰᠦᠯᠵᠢᠮᠡᠯ᠂ ᠣᠶᠣᠮᠠᠯ᠂ ᠰᠦ᠋᠂ ᠰᠦᠨ ᠪᠦᠲᠦᠭᠡᠭ᠍ᠳᠡᠬᠦᠨ᠂ ᠵᠢᠮᠢᠰ᠂ ᠵᠢᠮᠢᠰᠬᠡᠨ᠎ᠡ᠂ ᠤᠮᠳᠠᠭ᠎ᠠ᠂ ᠳᠠᠪᠤᠰᠤ᠂ ᠮᠢᠬ᠎ᠠ᠂ ᠬᠢᠮ᠎ᠠ᠂ ᠬᠦᠨᠡᠰᠦᠨ ᠦ ᠨᠣᠭᠣᠭ᠎ᠠ᠂ ᠭᠤᠯᠢᠷ᠂ ᠲᠠᠯᠬ᠎ᠠ᠂ ᠨᠠᠷᠢᠨ ᠪᠣᠣᠪᠣ᠂ ᠤᠷᠭᠤᠮᠠᠯ ᠤᠨ ᠲᠣᠰᠣ᠂ ᠰᠠᠪᠠ᠂ ᠪᠠᠭᠯᠠᠭ᠎ᠠ᠂ ᠪᠣᠭᠣᠳᠠᠯ᠂ ᠬᠠᠶᠠᠭ ᠱᠣᠰᠢᠭ᠎ᠠ᠂ ᠲᠠᠪᠢᠯᠭ᠎ᠠ᠂ ᠮᠣᠳᠣᠨ ᠡᠳ᠋ᠯᠡᠯ ᠦᠢᠯᠡᠳᠪᠦᠷᠢᠯᠡᠬᠦ᠂ ᠪᠣᠯᠪᠠᠰᠤᠷᠠᠭᠤᠯᠬᠤ ᠪᠣᠯᠤᠨ ᠰᠢᠪᠠᠭᠤ᠂ ᠵᠥᠭᠡᠢ ᠢᠢᠨ ᠠᠵᠤ ᠠᠬᠤᠢ ᠢᠢᠨ ᠲᠣᠨᠣᠭ ᠲᠥᠬᠦᠭᠡᠷᠦᠮᠵᠢ ᠨᠦᠭᠦᠳ ᠪᠠᠬᠠᠳᠠᠵᠤ ᠪᠠᠢᠢᠨ᠎ᠠ᠃