ᠪᠠᠷᠠᠭᠤᠨ ᠪᠥᠰᠡ ᠢᠢᠨ ᠲᠡᠦᠬᠡᠨ ᠳᠤ ᠬᠥᠭ᠍ᠵᠢᠯ ᠦᠨ ᠨᠢᠭᠡᠨ ᠰᠢᠨ᠎ᠡ ᠬᠠᠭᠤᠳᠠᠰᠤ ᠢᠢ ᠨᠡᠭᠡᠭᠡᠭ᠍ᠰᠡᠨ 《ᠬᠣᠪᠳᠣ ᠡᠺᠣ ᠼᠧᠮᠧᠨᠲ》 ᠦᠢᠯᠡᠳᠪᠦᠷᠢ ᠠᠰᠢᠭᠯᠠᠯᠲᠠ ᠳᠤ ᠣᠷᠣᠯ᠎ᠠ᠃
ᠨᠡᠭᠡᠭᠡᠯᠲᠡ ᠢᠢᠨ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠷᠣᠯᠴᠠᠬᠤ ᠳᠤ ᠪᠠᠨ ᠮᠣᠩ᠋ᠭᠣᠯ ᠤᠯᠤᠰ ᠤᠨ ᠬᠡᠮᠵᠢᠶᠡᠨ ᠳᠤ 2020 ᠣᠨ ᠠᠴᠠ ᠬᠣᠢᠢᠰᠢ ᠠᠰᠢᠭᠯᠠᠯᠲᠠ ᠳᠤ ᠣᠷᠣᠭᠰᠠᠨ ᠬᠠᠮᠤᠭ ᠤᠨ ᠲᠣᠮᠣ ᠦᠢᠯᠡᠳᠪᠦᠷᠢ᠂ ᠬᠠᠮᠤᠭ ᠤᠨ ᠲᠣᠮᠣ ᠪᠦᠲᠦᠭᠡᠨ ᠪᠠᠢᠢᠭᠤᠯᠤᠯᠲᠠ ᠭᠡᠳᠡᠭ ᠢ ᠣᠨᠴᠠᠯᠠᠪᠠ᠃ ᠲᠡᠷᠡ ᠪᠡᠷ ᠳᠥᠷᠪᠡᠨ ᠵᠢᠯ ᠦᠨ ᠡᠮᠦᠨ᠎ᠡ ᠮᠣᠩ᠋ᠭᠣᠯ ᠤᠯᠤᠰ ᠤᠨ ᠶᠡᠷᠦᠩᠬᠡᠢ ᠰᠠᠢᠢᠳ ᠢᠶᠠᠷ ᠠᠵᠢᠯᠯᠠᠵᠤ ᠪᠠᠢᠢᠬᠤ ᠳᠤ ᠪᠠᠨ 《ᠬᠣᠪᠳᠣ ᠡᠺᠣ ᠼᠧᠮᠧᠨᠲ》 ᠲᠥᠰᠥᠯ ᠦᠨ ᠪᠦᠲᠦᠭᠡᠨ ᠪᠠᠢᠢᠭᠤᠯᠤᠯᠲᠠ ᠢᠢ ᠡᠬᠢᠯᠡᠭᠦᠯᠵᠦ ᠪᠠᠢᠢᠭᠰᠠᠨ ᠢᠶᠠᠨ ᠳᠤᠷᠠᠰᠴᠤ᠂ ᠠᠢᠢᠮᠠᠭ ᠤᠨ ᠲᠥᠪ ᠦᠳ ᠢ ᠬᠣᠲᠠ ᠪᠣᠯᠭᠠᠨ ᠬᠥᠭ᠍ᠵᠢᠭᠦᠯᠵᠦ ᠲᠥᠪᠯᠡᠷᠡᠯ ᠢ ᠰᠠᠭᠠᠷᠠᠭᠤᠯᠬᠤ᠂ ᠬᠥᠳᠡᠭᠡ ᠣᠷᠣᠨ ᠨᠤᠲᠤᠭ ᠤᠨ ᠢᠷᠭᠡᠳ ᠦᠨ ᠠᠶ᠎ᠠ ᠲᠤᠬᠠᠲᠠᠢ ᠠᠮᠢᠳᠤᠷᠠᠯ ᠢ ᠴᠣᠭᠴᠠᠯᠠᠭᠠᠬᠤ ᠲᠥᠷᠥ᠂ ᠵᠠᠰᠠᠭ ᠤᠨ ᠵᠠᠯᠭᠠᠮᠵᠢ ᠪᠣᠳᠣᠯᠭ᠎ᠠ ᠢᠢ ᠬᠡᠷᠡᠭᠵᠢᠭᠦᠯᠬᠦ ᠳᠤ ᠴᠢᠬᠤᠯᠠ ᠡᠭᠦᠷᠭᠡ ᠲᠡᠢ ᠦᠢᠯᠡᠳᠪᠦᠷᠢ ᠠᠰᠢᠭᠯᠠᠯᠲᠠ ᠳᠤ ᠣᠷᠣᠵᠤ ᠪᠠᠢᠢᠭ᠎ᠠ ᠢᠢ ᠲᠡᠮᠳᠡᠭᠯᠡᠪᠡ᠃
ᠮᠥᠨ ᠮᠣᠩ᠋ᠭᠣᠯᠴᠤᠳ ᠬᠠᠯᠠᠮᠵᠢ ᠠᠴᠠ ᠬᠥᠳᠡᠯᠮᠦᠷᠢ ᠲᠤ᠂ ᠣᠯᠪᠤᠷᠢᠯᠠᠯᠲᠠ ᠠᠴᠠ ᠪᠣᠯᠪᠠᠰᠤᠷᠠᠭᠤᠯᠤᠯᠲᠠ ᠳᠤ᠂ ᠢᠮᠫᠣᠷᠲ ᠠᠴᠠ ᠡᠺᠰᠫᠣᠷᠲ ᠲᠤ ᠰᠢᠯᠵᠢᠬᠦ ᠰᠢᠯᠵᠢᠯᠲᠡ ᠢᠢᠨ ᠪᠣᠳᠠᠲᠤ ᠵᠢᠱᠢᠭ ᠡᠨᠳᠡ ᠡᠴᠡ ᠡᠬᠢᠯᠡᠵᠦ᠂ ᠦᠢᠯᠡᠳᠪᠦᠷᠢᠵᠢᠯᠲᠡ ᠢᠢᠨ ᠪᠣᠳᠣᠯᠭ᠎ᠠ ᠢᠢ ᠡᠷᠴᠢᠮᠲᠡᠢ ᠬᠡᠷᠡᠭᠵᠢᠭᠦᠯᠬᠦ᠂ ᠮᠣᠩ᠋ᠭᠣᠯᠴᠤᠳ ᠥᠪᠡᠷᠰᠡᠳ ᠢᠶᠡᠨ ᠡᠢᠢᠮᠦ ᠲᠣᠮᠣ ᠪᠦᠲᠦᠭᠡᠨ ᠪᠠᠢᠢᠭᠤᠯᠤᠯᠲᠠ ᠬᠢᠵᠦ ᠴᠢᠳᠠᠳᠠᠭ ᠪᠣᠯᠤᠭᠰᠠᠨ ᠢ ᠪᠠᠲᠤᠯᠠᠨ ᠬᠠᠷᠠᠭᠤᠯᠵᠤ ᠴᠢᠳᠠᠭᠰᠠᠨ ᠢ ᠬᠡᠯᠡᠪᠡ᠃
ᠦᠢᠯᠡᠳᠪᠦᠷᠢ ᠠᠰᠢᠭᠯᠠᠯᠲᠠ ᠳᠤ ᠣᠷᠣᠭᠰᠠᠨ ᠢᠶᠠᠷ ᠵᠢᠯ ᠳᠤ 250 ᠮᠢᠩ᠋ᠭᠠᠨ ᠲᠣᠨᠨ ᠪᠤᠶᠤ 504 ᠬᠡᠦᠬᠡᠳ ᠦᠨ ᠴᠡᠴᠡᠷᠯᠢᠭ ᠪᠠᠷᠢᠬᠤ ᠬᠡᠮᠵᠢᠶᠡᠨ ᠦ ᠼᠧᠮᠧᠨᠲ ᠦᠢᠯᠡᠳᠪᠦᠷᠢᠯᠡᠵᠦ᠂ ᠪᠠᠷᠠᠭᠤᠨ ᠪᠦᠰᠡ ᠢᠢᠨ ᠬᠡᠷᠡᠭᠴᠡᠭᠡ ᠢᠢ ᠬᠠᠩ᠋ᠭᠠᠨ᠎ᠠ᠃
ᠮᠥᠨ 350 ᠰᠢᠨ᠎ᠡ ᠠᠵᠢᠯ ᠤᠨ ᠪᠠᠢᠢᠷᠢ ᠪᠤᠢ ᠪᠣᠯᠵᠤ᠂ ᠰᠢᠭᠤᠳ ᠪᠣᠯᠤᠨ ᠰᠢᠭᠤᠳ ᠪᠤᠰᠤ ᠪᠠᠷ ᠣᠷᠣᠨ ᠨᠤᠲᠤᠭ ᠤᠨ ᠵᠢᠵᠢᠭ᠂ ᠳᠤᠮᠳᠠ ᠦᠢᠯᠡᠳᠪᠦᠷᠢᠯᠡᠯ ᠢ ᠳᠡᠮᠵᠢᠨ᠂ 3᠂000 ᠣᠷᠴᠢᠮ ᠢᠷᠭᠡᠨ ᠦ ᠣᠷᠣᠯᠭ᠎ᠠ ᠨᠡᠮᠡᠭᠳᠡᠬᠦ ᠪᠣᠯᠤᠮᠵᠢ ᠪᠦᠷᠢᠳᠴᠦ ᠪᠠᠢᠢᠨ᠎ᠠ᠃
ᠲᠡᠭᠦᠨᠴᠢᠯᠡᠨ ᠪᠠᠷᠠᠭᠤᠨ ᠪᠦᠰᠡ ᠳᠤ 《ᠣᠷᠣᠨ ᠰᠠᠭᠤᠴᠠᠵᠢᠭᠤᠯᠬᠤ ᠬᠥᠲᠦᠯᠪᠦᠷᠢ》 ᠢᠢ ᠡᠷᠴᠢᠮᠵᠢᠭᠦᠯᠵᠦ᠂ ᠣᠷᠣᠨ ᠨᠤᠲᠤᠭ ᠲᠤ ᠠᠭᠠᠷ ᠤᠨ ᠪᠣᠬᠢᠷᠳᠠᠯ ᠢ ᠪᠠᠭᠤᠷᠠᠭᠤᠯᠬᠤ᠂ ᠦᠨᠳᠦᠰᠦᠨ ᠦ ᠢᠨᠵᠧᠨᠧᠷ᠂ ᠲᠧᠭᠨᠢᠭ ᠦᠨ ᠠᠵᠢᠯᠲᠠᠨ ᠨᠤᠭᠤᠳ ᠢᠶᠠᠨ ᠰᠤᠷᠭᠠᠬᠤ᠂ ᠪᠡᠯᠡᠳᠬᠡᠬᠦ᠂ ᠪᠠᠷᠠᠭᠤᠨ ᠪᠦᠰᠡ ᠢᠢᠨ ᠬᠡᠷᠡᠭᠴᠡᠭᠡ ᠢᠢ ᠬᠠᠩ᠋ᠭᠠᠬᠤ᠂ ᠤᠯᠠᠮ ᠢᠶᠠᠷ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠻᠠᠰᠠᠺᠰᠲ᠋ᠠᠨ ᠤᠯᠤᠰ ᠲᠤ ᠡᠺᠰᠫᠣᠷᠲ᠋ᠯᠠᠬᠤ ᠶᠤᠮ᠃
ᠦᠢᠯᠡᠳᠪᠦᠷᠢ ᠡᠷᠳᠡᠨᠢᠪᠦᠷᠢᠨ ᠦ ᠤᠰᠤᠨ ᠴᠠᠬᠢᠯᠭᠠᠨ ᠰᠲ᠋ᠠᠨᠼ ᠤᠨ ᠪᠦᠲᠦᠭᠡᠨ ᠪᠠᠢᠢᠭᠤᠯᠤᠯᠲᠠ ᠳᠤ ᠱᠠᠭᠠᠷᠳᠠᠯᠭ᠎ᠠ ᠲᠠᠢ ᠼᠧᠮᠧᠨᠲ ᠢ ᠨᠡᠢᠢᠯᠡᠭᠦᠯᠬᠦ᠂ ᠡᠨᠡ ᠬᠢᠷᠢ ᠪᠡᠷ ᠥᠷᠲᠡᠭ ᠵᠠᠷᠤᠳᠠᠯ ᠢ ᠪᠠᠭᠤᠷᠠᠭᠤᠯᠬᠤ ᠪᠣᠯᠤᠮᠵᠢ ᠳᠠᠪᠬᠤᠷ ᠨᠡᠭᠡᠭᠡᠭ᠍ᠳᠡᠵᠦ ᠪᠠᠢᠢᠨ᠎ᠠ᠃
ᠲᠥᠰᠦᠯ ᠦᠨ ᠨᠡᠢᠢᠲᠡ ᠰᠠᠩᠬᠦᠵᠢᠯᠲᠡ ᠢᠢᠨ 70 ᠬᠤᠪᠢ ᠢᠢ ᠲᠥᠰᠦᠯ ᠬᠡᠷᠡᠭᠵᠢᠭᠦᠯᠦᠭᠴᠢ ᠭᠠᠷᠭᠠᠵᠤ᠂ ᠦᠯᠡᠳᠡᠬᠦ 30 ᠣᠷᠴᠢᠮ ᠬᠤᠪᠢ ᠢᠢ ᠬᠥᠭ᠍ᠵᠢᠯ ᠦᠨ ᠪᠠᠩᠬᠢᠨ ᠤ ᠵᠢᠭᠡᠯᠡ ᠪᠡᠷ ᠰᠠᠩᠬᠦᠵᠢᠭᠦᠯᠦᠭᠰᠡᠨ ᠨᠢ 《ᠦᠨᠳᠦᠰᠦᠨ ᠦ ᠡᠳ᠋ ᠍ ᠦᠨ ᠵᠠᠰᠠᠭ ᠤᠨ ᠲᠣᠭᠲᠠᠪᠤᠷᠢᠲᠠᠢ ᠦᠰᠦᠯᠲᠡ ᠢᠢ ᠬᠠᠩ᠋ᠭᠠᠬᠤ᠂ ᠢᠮᠫᠣᠷᠲ ᠢ ᠣᠷᠣᠯᠠᠬᠤ᠂ ᠡᠺᠰᠫᠣᠷᠲ ᠤᠨ ᠣᠷᠣᠯᠭ᠎ᠠ ᠢᠢ ᠨᠡᠮᠡᠭᠳᠡᠭᠦᠯᠬᠦ ᠦᠢᠯᠡᠳᠪᠦᠷᠢᠯᠡᠯ᠂ ᠦᠢᠯᠡᠴᠢᠯᠡᠭᠡ ᠢᠢ ᠬᠥᠭ᠍ᠵᠢᠭᠦᠯᠬᠦ》 ᠵᠣᠷᠢᠯᠲᠠ ᠢᠢ ᠬᠠᠩ᠋ᠭᠠᠬᠤ ᠬᠥᠭ᠍ᠵᠢᠯ ᠦᠨ ᠪᠠᠩᠬᠢᠨ ᠤ ᠦᠨᠳᠦᠰᠦᠨ ᠵᠣᠷᠢᠯᠭ᠎ᠠ ᠳᠤ ᠨᠡᠢᠢᠴᠡᠭᠰᠡᠨ ᠲᠥᠰᠦᠯ ᠦᠨ ᠨᠢᠭᠡ ᠪᠣᠯᠵᠠᠢ᠃
《ᠬᠣᠪᠳᠣ ᠡᠺᠣ ᠼᠧᠮᠧᠨᠲ》 ᠍ ᠦᠨ ᠦᠢᠯᠡᠳᠪᠦᠷᠢ ᠨᠢ ᠬᠠᠭᠤᠷᠠᠢ ᠠᠷᠭ᠎ᠠ ᠢᠢᠨ ᠦᠢᠯᠡᠳᠪᠦᠷᠢ ᠪᠥᠭᠡᠳ ᠲᠦᠭᠦᠬᠡᠢ ᠡᠳ᠋ ᠍ ᠢᠶᠡᠨ ᠣᠯᠪᠤᠷᠢᠯᠠᠬᠤ᠂ ᠪᠤᠲᠠᠯᠠᠬᠤ᠂ ᠨᠤᠨᠲᠠᠭᠯᠠᠬᠤ᠂ ᠬᠣᠭᠣᠷᠣᠨᠳᠣ ᠢᠢᠨ ᠨᠠᠢᠢᠷᠠᠯᠭ᠎ᠠ ᠢᠢ ᠨᠢ ᠵᠢᠭᠳᠡ ᠪᠣᠯᠭᠠᠬᠤ ᠳᠤ ᠤᠰᠤ ᠬᠡᠷᠡᠭᠯᠡᠬᠦ ᠦᠭᠡᠢ᠂ ᠬᠠᠮᠤᠭ ᠤᠨ ᠰᠡᠭᠦᠯ ᠦᠨ ᠦᠶ᠎ᠡ ᠢᠢᠨ᠂ ᠬᠠᠮᠤᠭ ᠤᠨ ᠰᠢᠯᠢᠳᠡᠭ ᠲᠧᠭᠨᠣᠯᠣᠭᠢ ᠪᠦᠬᠦᠢ ᠪᠠᠢᠢᠭᠠᠯᠢ ᠡᠺᠣᠯᠣᠭᠢ ᠳᠤ ᠡᠭᠡᠯᠢᠲᠡᠢ ᠦᠢᠯᠡᠳᠪᠦᠷᠢ ᠶᠤᠮ᠃
ᠦᠢᠯᠡᠳᠪᠦᠷᠢ ᠢᠢᠨ ᠼᠧᠬᠡ᠂ ᠳᠠᠮᠵᠢᠯᠭ᠎ᠠ ᠪᠣᠯᠭᠠᠨ ᠳᠡᠭᠡᠷ᠎ᠡ᠂ ᠲᠣᠭᠣᠰᠣ ᠡᠭᠦᠰᠬᠡᠵᠦ ᠪᠣᠯᠬᠤ ᠪᠦᠬᠦ ᠴᠡᠭ ᠲᠤ ᠲᠣᠭᠣᠰᠣ ᠰᠢᠭᠦᠬᠦ ᠪᠠᠢᠢᠭᠤᠯᠤᠮᠵᠢ ᠪᠠᠢᠢᠷᠢᠰᠢᠭᠤᠯᠤᠭᠰᠠᠨ ᠪᠠᠢᠢᠨ᠎ᠠ᠃
《ᠬᠣᠪᠲᠣ ᠡᠺᠣ ᠼᠧᠮᠧᠨᠲ》 ᠲᠥᠰᠦᠯ ᠢ 《ᠨᠢᠶᠤ ᠫᠷᠣᠭ᠍ᠷᠧᠰᠰ ᠭᠷᠤᠢᠫ》 ᠰᠠᠨᠠᠭᠠᠴᠢᠯᠠᠵᠤ᠂ ᠭᠦᠢᠴᠡᠳᠭᠡᠭ᠍ᠴᠢ ᠪᠡᠷ 《Western hold》᠂ 《BTIEC》 ᠺᠣᠮᠫᠠᠨᠢ ᠠᠵᠢᠯᠯᠠᠭᠰᠠᠨ. 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠤ ᠦᠢᠯᠡᠳᠪᠦᠷᠢ ᠢᠢᠨ ᠬᠠᠮᠲᠤ ᠣᠯᠠᠨ ᠥᠩ᠋ᠭᠡᠷᠡᠭᠰᠡᠨ ᠣᠨ ᠳᠤ 5᠂000 ᠮᠣᠳᠣ ᠲᠠᠷᠢᠵᠤ᠂ 100᠂000 ᠦᠷᠡᠰᠯᠡᠭᠡ ᠰᠠᠭᠤᠯᠭᠠᠭᠰᠠᠨ ᠪᠠᠢᠢᠨ᠎ᠠ᠃
《ᠬᠣᠪᠲᠣ ᠡᠺᠣ ᠼᠧᠮᠧᠨᠲ》 ᠍ ᠤᠨ ᠲᠥᠰᠦᠯ ᠦᠨ ᠨᠡᠢᠢᠲᠡ ᠭᠠᠳᠠᠨᠠᠬᠢ ᠲᠠᠯᠠᠪᠠᠢ 20 ᠭᠠ ᠪᠤᠶᠤ ᠬᠥᠯᠪᠥᠮᠪᠥᠭᠡ ᠢᠢᠨ 19 ᠲᠠᠯᠠᠪᠠᠢ ᠲᠠᠢ ᠲᠡᠩᠴᠡᠬᠦ ᠶᠤᠮ᠃