ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠂ ᠭᠡᠷᠭᠡᠢ ᠯᠤ᠂ ᠪᠣᠯᠣᠷᠴᠡᠴᠡᠭ ᠨᠠᠷ ᠤᠨ ᠤᠷᠢᠯᠭ᠎ᠠ ᠪᠠᠷ ᠪᠦᠭᠦᠳᠡ ᠨᠠᠢᠢᠷᠠᠮᠳᠠᠬᠤ ᠫᠣᠯᠢᠱ ᠤᠯᠤᠰ ᠤᠨ ᠶᠡᠷᠦᠩᠬᠡᠢᠢᠯᠡᠭᠴᠢ ᠠᠨᠳ᠋ᠵᠧᠢ ᠳᠤᠳᠠ ᠭᠡᠷᠭᠡᠢ ᠠᠾᠠᠲ᠋ᠠ ᠺᠣᠷᠨᠾᠠᠦ᠋ᠽᠧᠷ-ᠳᠤᠳᠠ ᠤᠨ ᠬᠠᠮᠲᠤ ᠮᠣᠩ᠋ᠭᠣᠯ ᠤᠯᠤᠰ ᠲᠤ ᠬᠢᠵᠦ ᠪᠠᠢᠢᠭ᠎ᠠ ᠲᠥᠷᠦ ᠢᠢᠨ ᠠᠢᠢᠯᠴᠢᠯᠠᠯ ᠦᠷᠭᠦᠯᠵᠢᠯᠡᠵᠦ ᠪᠠᠢᠢᠨ᠎ᠠ᠃
ᠪᠦᠭᠦᠳᠡ ᠨᠠᠢᠢᠷᠠᠮᠳᠠᠬᠤ ᠫᠣᠯᠢᠱ ᠤᠯᠤᠰ ᠤᠨ ᠶᠡᠷᠦᠩᠬᠡᠢᠢᠯᠡᠭᠴᠢ ᠠᠨᠳ᠋ᠵᠧᠢ ᠳᠤᠳᠠ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠳᠤ ᠦᠨᠡᠲᠡᠢ ᠬᠤᠪᠢ ᠨᠡᠮᠡᠷᠢ ᠣᠷᠣᠭᠤᠯᠵᠤ ᠪᠠᠢᠢᠭ᠎ᠠ ᠮᠣᠩ᠋ᠭᠣᠯ ᠢᠷᠭᠡᠳ ᠲᠤ ᠲᠥᠷᠦ ᠢᠢᠨ ᠣᠳᠤᠨ ᠭᠠᠷᠳᠠᠭᠤᠯᠪᠠ᠃
ᠭᠠᠪᠢᠶᠠᠨ ᠤ ᠵᠠᠭᠠᠯᠮᠠᠢ ᠢᠢᠨ ᠠᠯᠲᠠᠨ ᠣᠳᠣᠨ ᠢᠶᠠᠷ᠄
ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠮᠡᠷᠭᠡᠵᠢᠯᠲᠡᠨ᠂ ᠬᠣᠰᠢᠭᠤᠴᠢ ᠭᠠᠩᠪᠣᠯᠣᠳ ᠤᠨ ᠠᠵᠠᠵᠠᠶᠠᠭ᠎ᠠ᠂
ᠭᠠᠪᠢᠶᠠᠨ ᠤ ᠵᠠᠭᠠᠯᠮᠠᠢ ᠢᠢᠨ ᠮᠥᠩ᠋ᠭᠥᠨ ᠣᠳᠣᠨ ᠢᠶᠠᠷ᠄
ᠨᠡᠢᠢᠰᠯᠡᠯ ᠦᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ ᠤᠨ ᠴᠠᠬᠢᠮ ᠬᠥᠭ᠍ᠵᠢᠯ᠂ ᠬᠠᠤᠯᠢ ᠡᠷᠬᠡ ᠵᠦᠢ᠂ ᠲᠥᠷᠦ ᠢᠢᠨ ᠦᠢᠯᠡᠴᠢᠯᠡᠭᠡᠨ ᠦ ᠠᠰᠠᠭᠤᠳᠠᠯ ᠬᠠᠷᠢᠭᠤᠴᠠᠭᠰᠠᠨ ᠣᠷᠣᠯᠠᠭᠴᠢ ᠳᠠᠷᠤᠭ᠎ᠠ ᠷᠢᠨᠴᠢᠨᠳᠠᠭᠪᠠ ᠢᠢᠨ ᠳᠠᠭᠪᠠ᠂
ᠭᠠᠪᠢᠶᠠᠨ ᠤ ᠵᠠᠭᠠᠯᠮᠠᠢ ᠢᠢᠨ ᠬᠦᠷᠡᠯ ᠣᠳᠣᠨ ᠢᠶᠠᠷ᠄
ᠮᠣᠩ᠋ᠭᠣᠯ ᠤᠨ ᠤᠷᠠᠴᠤᠳ ᠤᠨ ᠡᠪᠯᠡᠯ ᠦᠨ ᠨᠡᠷᠡᠮᠵᠢᠲᠦ ᠱᠠᠩᠨᠠᠯᠲᠤ ᠵᠢᠷᠤᠭᠠᠴᠢ ᠣᠯᠣᠨᠪᠠᠶᠠᠷ ᠤᠨ ᠡᠷᠳᠡᠨᠢᠴᠣᠭᠲᠤ ᠨᠠᠷ ᠢ ᠱᠠᠩᠨᠠᠯ ᠠ᠃
ᠬᠣᠰᠢᠭᠤᠴᠢ ᠭᠠ᠂ ᠠᠵᠠᠵᠠᠶᠠᠭ᠎ᠠ ᠢᠷᠠᠺ ᠤᠨ ᠠᠯᠢ -ᠬᠢᠯᠯᠠ ᠳ᠋ᠠᠬᠢ ᠴᠠᠷᠯᠢ ᠪᠠᠭᠠᠵᠠ ᠳᠤ 2004 ᠣᠨ ᠤ 02 ᠳ᠋ᠤᠭᠠᠷ ᠰᠠᠷ᠎ᠠ ᠢᠢᠨ 18-᠍ ᠤ ᠡᠳᠦᠷ ᠬᠠᠷᠠᠭᠤᠯ ᠤᠨ ᠴᠡᠭ ᠲᠤ ᠡᠭᠦᠷᠭᠡ ᠭᠦᠢᠴᠡᠳᠭᠡᠵᠦ ᠪᠠᠢᠢᠬᠤ ᠳᠤ ᠪᠠᠨ ᠣᠯᠠᠨ ᠦᠨᠳᠦᠰᠦᠲᠡᠨ ᠦ ᠳ᠋ᠢᠸᠢᠽ ᠢᠢᠨ ᠲᠥᠪ-ᠡᠮᠦᠨᠡᠲᠦ ᠺᠣᠮᠠᠨᠳ᠋ᠯᠠᠯ ᠤᠨ ᠪᠠᠢᠢᠷᠢ ᠷᠤᠤ ᠳᠣᠪᠲᠣᠯᠬᠤ ᠢᠢ ᠵᠠᠪᠳᠤᠭᠰᠠᠨ ᠠᠯᠠᠨ ᠬᠢᠳᠤᠭᠴᠢᠳ ᠤᠨ ᠦᠢᠯᠡᠳᠦᠯ ᠢ ᠲᠠᠰᠤᠯᠤᠨ ᠵᠣᠭᠰᠣᠭᠠᠭᠰᠠᠨ᠃ ᠢᠩ᠋ᠭᠢᠭ᠍ᠰᠡᠨ ᠢᠶᠡᠷ ᠡᠪᠰᠡᠯ ᠦᠨ ᠴᠡᠷᠢᠭ ᠦᠳ᠂ ᠲᠡᠷᠡ ᠳᠤᠮᠳᠠ ᠪᠠᠨ ᠫᠣᠯᠢᠱ ᠤᠨ II ᠡᠭᠡᠯᠵᠢ ᠢᠢᠨ ᠣᠯᠠᠨ ᠠᠯᠪᠠ ᠬᠠᠭᠠᠭᠴᠢ ᠢᠢᠨ ᠠᠮᠢ ᠢᠢ ᠠᠪᠤᠷᠠᠭᠰᠠᠨ᠃
ᠷᠢᠨᠴᠢᠨᠳᠠᠭᠪᠠ ᠢᠢᠨ ᠳ᠋ᠠᠭᠪᠠ ᠤᠯᠠᠭᠠᠨᠪᠠᠭᠠᠲᠤᠷ᠂ ᠸᠠᠷᠱᠠᠸ ᠬᠣᠲᠠ ᠢᠢᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ᠂ ᠪᠡᠬᠢᠵᠢᠭᠦᠯᠬᠦ ᠴᠢᠭᠯᠡᠯ ᠢᠶᠡᠷ ᠢᠳᠡᠪᠬᠢᠲᠡᠢ ᠠᠵᠢᠯᠯᠠᠳᠠᠭ᠃ 2018 ᠣᠨ ᠳᠤ ᠸᠠᠷᠱᠠᠸ ᠬᠣᠲᠠ ᠢᠢᠨ ᠲᠡᠭᠡᠭᠡᠪᠦᠷᠢ ᠢᠢᠨ ᠭᠠᠵᠠᠷ ᠪᠣᠯᠤᠨ ᠬᠠᠷᠢᠯᠴᠠᠭ᠎ᠠ ᠬᠣᠯᠪᠣᠭᠠᠨ ᠤ ᠭᠠᠵᠠᠷ ᠤᠨ ᠲᠥᠯᠥᠭᠡᠯᠡᠭᠴᠢᠳ ᠦᠨ ᠤᠯᠠᠭᠠᠨᠪᠠᠭᠠᠲᠤᠷ ᠲᠤ ᠬᠢᠭ᠍ᠰᠡᠨ ᠠᠢᠢᠯᠴᠢᠯᠠᠯ ᠢ ᠵᠣᠬᠢᠶᠠᠨ ᠪᠠᠢᠢᠭᠤᠯᠤᠭᠰᠠᠨ᠃ ᠨᠡᠢᠢᠲᠡ ᠢᠢᠨ ᠲᠡᠭᠡᠭᠡᠪᠦᠷᠢ᠂ ᠬᠣᠲᠠ ᠢᠢᠨ ᠳᠡᠳ᠋ ᠪᠦᠲᠦᠴᠡ᠂ ᠣᠷᠣᠨ ᠨᠤᠲᠤᠭ ᠤᠨ ᠵᠠᠰᠠᠭ ᠵᠠᠬᠢᠷᠭᠠᠨ ᠤ ᠡᠷᠬᠡ ᠵᠦᠢ ᠢᠢᠨ ᠵᠣᠬᠢᠴᠠᠭᠤᠯᠤᠯᠲᠠ ᠢᠢᠨ ᠴᠢᠭᠯᠡᠯ ᠢᠶᠡᠷ ᠫᠣᠯᠢᠱ ᠤᠨ ᠲᠠᠯ᠎ᠠ ᠲᠠᠢ ᠬᠠᠮᠲᠤᠷᠠᠨ ᠠᠵᠢᠯᠯᠠᠵᠤ ᠪᠠᠢᠢᠨ᠎ᠠ᠃ ᠤᠯᠠᠭᠠᠨᠪᠠᠭᠠᠲᠤᠷ ᠬᠣᠲᠠᠨ ᠠ ᠫᠣᠯᠢᠱ ᠤᠨ ᠠᠯᠳᠠᠷᠲᠤ ᠲᠡᠭᠦᠯᠳᠡᠷ ᠬᠤᠭᠤᠷᠴᠢ ᠹ᠂ ᠱᠣᠫᠧᠨ ᠤ ᠨᠡᠷᠡᠮᠵᠢᠲᠦ ᠭᠤᠳᠤᠮᠵᠢ ᠪᠤᠢ ᠪᠣᠯᠭᠠᠬᠤ ᠰᠠᠨᠠᠭᠠᠴᠢᠯᠠᠭ᠎ᠠ ᠳᠡᠪᠰᠢᠭᠦᠯᠵᠦ ᠠᠵᠢᠯ ᠬᠡᠷᠡᠭ ᠪᠣᠯᠭᠠᠭᠰᠠᠨ᠃
ᠣᠯᠣᠨᠪᠠᠶᠠᠷ ᠤᠨ ᠡᠷᠳᠡᠨᠢᠴᠣᠭᠲᠤ ᠪᠦᠭᠦᠳᠡ ᠨᠠᠢᠢᠷᠠᠮᠳᠠᠬᠤ ᠫᠣᠯᠢᠱ ᠤᠯᠤᠰ ᠤᠨ ᠺᠷᠠᠺᠣᠸ ᠬᠣᠲᠠ ᠢᠢᠨ ᠳᠦᠷᠰᠦᠯᠡᠬᠦ ᠤᠷᠠᠯᠢᠭ ᠤᠨ ᠠᠺᠠᠳᠧᠮᠢ ᠲᠡᠭᠦᠰᠦᠭᠰᠡᠨ᠃ ᠫᠣᠯᠢᠱ ᠤᠨ ᠠᠷᠠᠳᠴᠢᠯᠠᠭᠰᠠᠨ ᠥᠭᠡᠷᠡᠴᠢᠯᠡᠯᠲᠡ ᠡᠴᠡ ᠰᠠᠨᠠᠭ᠎ᠠ ᠠᠪᠤᠭᠰᠠᠨ ᠪᠦᠲᠦᠭᠡᠯ ᠳᠤ ᠪᠡᠨ ᠬᠦᠮᠦᠨ ᠲᠥᠷᠥᠯᠬᠢᠲᠡᠨ ᠦ ᠡᠷᠬᠡ ᠴᠢᠯᠦᠭᠡ ᠢᠢ ᠡᠷᠦᠯᠬᠢᠯᠡᠬᠦ ᠰᠡᠳᠦᠪ ᠢ ᠲᠤᠰᠬᠠᠳᠠᠭ᠃
1996 ᠣᠨ ᠳᠤ 《ᠲᠡᠮᠡᠦᠯᠡᠯ ᠪᠠ ᠰᠠᠭᠠᠳ》 ᠪᠦᠲᠦᠭᠡᠯ᠂ 2006 ᠣᠨ ᠳᠤ ᠪᠡᠶ᠎ᠡ ᠳᠠᠭᠠᠭᠰᠠᠨ ᠦᠵᠡᠰᠬᠦᠯᠡᠩ᠋ ᠢᠢᠡᠨ ᠪᠦᠭᠦᠳᠡ ᠨᠠᠢᠢᠷᠠᠮᠳᠠᠬᠤ ᠫᠣᠯᠢᠱ ᠤᠯᠤᠰ ᠤᠨ ᠡᠯᠴᠢᠨ ᠰᠠᠢᠢᠳ ᠤᠨ ᠶᠠᠮᠤᠨ ᠠ ᠲᠣᠯᠢᠯᠠᠭᠤᠯᠵᠤ᠂ ᠫᠣᠯᠢᠱ ᠤᠨ ᠤᠷᠠᠯᠢᠭ ᠢ ᠰᠤᠷᠲᠠᠯᠴᠢᠯᠠᠬᠤ ᠳᠤ ᠦᠨᠡᠲᠡᠢ ᠬᠤᠪᠢ ᠨᠡᠮᠡᠷᠢ ᠣᠷᠣᠭᠤᠯᠤᠭᠰᠠᠨ᠃
ᠪᠦᠭᠦᠳᠡ ᠨᠠᠢᠢᠷᠠᠮᠳᠠᠬᠤ ᠫᠣᠯᠢᠰᠢ ᠤᠯᠤᠰ ᠤᠨ ᠶᠡᠷᠦᠩᠬᠡᠢᠢᠯᠡᠭᠴᠢ ᠠᠨᠳᠠᠵᠧᠢ ᠳᠤᠳ ᠲᠤ ᠮᠣᠩ᠋ᠭᠣᠯ ᠤᠯᠤᠰ ᠤᠨ ᠶᠡᠬᠡ ᠰᠤᠷᠭᠠᠭᠤᠯᠢ 《ᠬᠦᠨᠳᠦᠳ ᠳ᠋ᠣᠺᠲ᠋ᠣᠷ》 ᠴᠣᠯᠠ ᠣᠯᠭᠤᠯ᠎ᠠ᠃ ᠡᠷᠬᠢᠮ ᠵᠣᠴᠢᠨ ᠮᠥᠨ ᠡᠳᠦᠷ ᠭᠡᠷᠭᠡᠢ ᠢᠢᠨ ᠬᠠᠮᠲᠤ 《ᠴᠢᠩ᠋ᠭᠢᠰ ᠬᠠᠭᠠᠨ》 ᠮᠦᠽᠧᠢ ᠢᠢ ᠦᠵᠡᠵᠦ ᠰᠣᠨᠢᠷᠬᠠᠯ᠎ᠠ᠃