Та "Internet explorer"-ийн сүүлийн хувилбар болох "Microsoft edge"-г ашиглана уу

Хэрэв "Microsoft edge"-г татах бол энд дарж татаж авна уу

ᠮᠣᠩᠭᠣᠯ ᠤᠯᠤᠰ ᠤᠨ ᠶᠡᠷᠦᠩᠬᠡᠶᠢᠯᠡᠭᠴᠢ ᠬᠠ‍᠂ᠪᠠᠲᠤᠲᠤᠯᠭ᠎ᠠ ᠮᠣᠩᠭᠣᠯ ᠤᠨ ᠡᠳ᠋ ᠍ ᠦᠨ ᠵᠠᠰᠠᠭ ᠤᠨ ᠹᠣᠷᠤᠢᠮ ᠤᠨ ᠦᠨᠳᠦᠰᠦᠨ ᠴᠢᠭᠤᠯᠭᠠᠨ ᠢ ᠨᠡᠭᠡᠭᠡᠵᠦ ᠦᠭᠡ ᠬᠡᠯᠡᠯ᠎ᠡ

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ ᠥᠨᠥᠳᠥᠷ 《ᠮᠣᠩᠭ᠋ᠣᠯ ᠤᠨ ᠡᠳ᠋ ᠍ ᠦᠨ ᠵᠠᠰᠠᠭ ᠤᠨ ᠹᠣᠷᠤᠢᠮ-2018》 ᠍  ᠳᠥ  ᠣᠷᠣᠯᠴᠠᠵᠤ᠂ ᠦᠨᠳᠦᠰᠦᠨ ᠴᠢᠭᠤᠯᠭᠠᠨ ᠤ ᠬᠣᠶᠠᠷ ᠳᠠᠬᠢ ᠡᠳᠦᠷ ᠦᠨ ᠬᠡᠯᠡᠯᠴᠡᠭᠦᠯᠭᠡ ᠢᠢ ᠨᠡᠭᠡᠭᠡᠵᠦ ᠦᠭᠡ ᠬᠡᠯᠡᠯ᠎ᠡ᠃

 

ᠮᠣᠩᠭ᠋ᠣᠯ ᠤᠯᠤᠰ ᠤᠨ ᠶᠡᠷᠦᠩᠬᠡᠢᠢᠯᠡᠭᠴᠢ ᠬᠠ‍᠂ᠪᠠᠲᠤᠲᠤᠯᠭ᠎ᠠ᠄

 

《ᠰᠠᠢᠢᠨ ᠪᠠᠢᠢᠵᠠᠭᠠᠨ᠎ᠠ ᠤᠤ᠃

 

ᠴᠢᠭᠤᠯᠭᠠᠨ ᠤ ᠵᠣᠴᠢᠳ᠂ ᠣᠷᠣᠯᠴᠠᠭᠴᠢᠳ ᠠ᠋᠃

 

ᠮᠣᠩᠭ᠋ᠣᠯ ᠤᠨ ᠡᠳ᠋ ᠍ ᠦᠨ ᠵᠠᠰᠠᠭ ᠤᠨ ᠴᠢᠭᠤᠯᠭᠠᠨ ᠬᠣᠶᠠᠷ ᠳᠠᠬᠢ ᠡᠳᠦᠷ ᠢᠶᠡᠨ ᠦᠷᠭᠦᠯᠵᠢᠯᠡᠵᠦ ᠪᠠᠢᠢᠨ᠎ᠠ᠃

 

ᠬᠥᠭ᠍ᠵᠢᠯ ᠦᠨ ᠲᠥᠯᠥᠭᠡ ᠬᠦᠴᠦ ᠪᠡᠨ ᠨᠢᠭᠡᠳᠬᠡᠬᠦ ᠢᠢᠨ ᠲᠤᠯᠠᠳᠠ ᠪᠢᠳᠡᠨ  ᠳᠥ ᠨᠤᠬᠤᠴᠠᠲᠠᠢ ᠪᠣᠳᠣᠬᠤ ᠵᠦᠢᠯ ᠨᠡᠯᠢᠶᠡᠨ ᠶᠡᠬᠡ ᠪᠠᠢᠢᠨ᠎ᠠ᠃ ᠪᠣᠳᠠᠲᠤ ᠦᠨᠡᠨ᠂ ᠰᠣᠨᠣᠰᠬᠤ ᠳᠤ ᠪᠡᠷᠬᠡ ᠭᠠᠰᠢᠭᠤᠨ ᠦᠨᠡᠨ ᠢ ᠡᠨᠳᠡ ᠶᠠᠷᠢᠬᠤ ᠠᠴᠠ ᠠᠷᠭ᠎ᠠ ᠦᠭᠡᠢ ᠴᠠᠭ ᠮᠥᠴᠡ ᠲᠤᠯᠭᠠᠷᠴᠤ ᠪᠠᠢᠢᠨ᠎ᠠ᠃

 

ᠮᠣᠩᠭ᠋ᠣᠯᠴᠤᠳ ᠪᠢᠳᠡᠨ ᠦ ᠬᠥᠭ᠍ᠵᠢᠯ ᠦᠨ ᠲᠠᠯ᠎ᠠ ᠪᠠᠷ ᠡᠯᠳᠡᠪ ᠢ ᠲᠥᠰᠥᠭᠡᠯᠡᠨ ᠴᠡᠴᠡᠷᠬᠡᠬᠦ᠂ ᠥᠪᠡᠷ ᠬᠣᠭᠣᠷᠣᠨᠳᠣ ᠪᠠᠨ ᠱᠥᠷᠭᠦᠭᠡᠴᠡᠯᠳᠦᠨ ᠮᠥᠴᠡᠭᠡᠷᠬᠡᠬᠦ᠂ ᠰᠢᠭᠦᠮᠵᠢᠯᠡᠨ ᠴᠡᠴᠡᠷᠬᠡᠬᠦ ᠪᠣᠯᠤᠨ ᠶᠠᠩᠵᠤ ᠪᠦᠷᠢ ᠢᠢᠨ ᠭᠣᠶᠣ ᠨᠡᠷ᠎ᠡ ᠲᠡᠢ᠂ ᠳᠡᠪᠡᠷᠡᠭᠦᠨ ᠲᠥᠰᠥᠯ ᠰᠠᠨᠠᠭᠠᠴᠢᠯᠠᠬᠤ ᠵᠡᠷᠭᠡ ᠡᠴᠡ ᠦᠯᠦ ᠬᠠᠮᠢᠶᠠᠷᠤᠭᠠᠳ ᠮᠣᠩᠭ᠋ᠣᠯ ᠤᠨ ᠡᠳ᠋ ᠍ ᠦᠨ ᠵᠠᠰᠠᠭ ᠲᠤ ᠪᠣᠳᠠᠲᠤ ᠪᠠᠷ ᠨᠥᠯᠦᠭᠡᠯᠡᠵᠦ᠂ ᠡᠷᠬᠡ ᠠᠰᠢᠭ ᠢᠶᠠᠨ ᠲᠤᠯᠭᠠᠵᠤ᠂ ᠭᠠᠴᠠᠭᠠᠵᠤ ᠪᠠᠰᠠ ᠤᠷᠤᠭᠰᠢᠯᠠᠭᠤᠯᠵᠤ ᠪᠠᠢᠢᠳᠠᠭ ᠬᠦᠴᠦᠨ ᠵᠦᠢᠯ ᠪᠣᠯ ᠶᠡᠬᠡ ᠭᠦᠷᠦᠨ ᠨᠦᠭᠦᠳ ᠦᠨ ᠭᠧᠣᠫᠣᠯᠢᠲ᠋ᠢᠭ᠂ ᠭᠧᠣ᠋ ᠡᠳ᠋ ᠍ ᠦᠨ ᠵᠠᠰᠠᠭ ᠤᠨ ᠬᠠᠨᠳᠤᠯᠭ᠎ᠠ᠂ ᠬᠦᠴᠦᠨ ᠦ ᠬᠤᠪᠢᠶᠠᠷᠢᠯᠠᠯᠲᠠ᠂ ᠲᠠᠲᠠᠯᠴᠠᠯ᠂ ᠲᠦᠯᠬᠢᠯᠴᠡᠯ ᠶᠤᠮ᠃

 

ᠣᠯᠠᠨ ᠤᠯᠤᠰ ᠤᠨ ᠰᠠᠩᠬᠦᠦ᠂ ᠪᠢᠽᠢᠨ᠋᠋ᠧᠰ ᠦᠨ ᠲᠡᠷᠢᠭᠦᠯᠡᠬᠦ ᠰᠣᠨᠢᠨ 《ᠹᠠᠢᠢᠨᠧᠨ᠋ᠱᠯ ᠲᠠᠢᠢᠮᠰ》 ᠍  ᠲᠥ ᠰᠤᠳᠤᠯᠤᠭᠠᠴᠢ᠂ ᠨᠡᠢᠢᠲᠡᠯᠡᠯᠴᠢ ᠯᠶᠤᠢᠰᠢ ᠾᠣᠷᠨ᠋ᠪᠢ (Lucy Hornby) ᠮᠣᠩᠭ᠋ᠣᠯ ᠤᠨ ᠡᠳ᠋ ᠍ ᠦᠨ ᠵᠠᠰᠠᠭ ᠤᠨ ᠲᠠᠯ᠎ᠠ ᠪᠠᠷ ᠪᠢᠴᠢᠬᠦ ᠳᠦ ᠪᠡᠨ᠄ 《ᠤᠭ ᠨᠢ ᠮᠣᠩᠭ᠋ᠣᠯ ᠤᠨ ᠠᠭᠤᠯᠠ ᠠᠭᠤᠷᠬᠠᠢ᠂ ᠭᠠᠳᠠᠭᠠᠳᠤ ᠢᠢᠨ ᠬᠥᠷᠥᠩᠭᠡ ᠣᠷᠣᠭᠤᠯᠤᠯᠲᠠ ᠢᠢᠨ ᠬᠠᠤᠯᠢ ᠨᠤᠭᠤᠳ ᠨᠢ ᠳᠡᠯᠡᠬᠡᠢ ᠳᠡᠭᠡᠷ᠎ᠡ ᠬᠠᠮᠤᠭ ᠤᠨ ᠯᠢᠪᠧᠷᠠᠯ᠂ ᠴᠢᠯᠦᠭᠡᠲᠦ ᠭᠡᠵᠦ ᠪᠣᠯᠬᠣ ᠪᠠᠷ ᠶᠤᠮ》 ᠭᠡᠵᠡᠢ᠃ ᠬᠠᠲᠤᠭᠲᠠᠢ ᠾᠣᠷᠨ᠋ᠪᠢ ᠮᠣᠩᠭ᠋ᠣᠯ ᠤᠨ ᠠᠭᠤᠯᠠ ᠠᠭᠤᠷᠬᠠᠢ ᠢᠢᠨ ᠬᠥᠷᠥᠩᠭᠡ ᠣᠷᠣᠭᠤᠯᠤᠯᠲᠠ ᠢᠢᠨ ᠣᠷᠴᠢᠨ ᠢ ᠳᠡᠯᠡᠬᠡᠢ ᠳᠡᠭᠡᠷ᠎ᠡ ᠬᠠᠮᠤᠭ ᠤᠨ ᠯᠢᠪᠧᠷᠠᠯ ᠭᠡᠵᠦ ᠦᠨᠡᠯᠡᠬᠦ ᠡᠴᠡ ᠭᠠᠳᠠᠨ᠎ᠠ ᠮᠣᠩᠭ᠋ᠣᠯ ᠤᠨ ᠵᠠᠰᠠᠭ ᠤᠨ ᠭᠠᠵᠠᠷ ᠤᠳ ᠲᠣᠮᠣᠬᠠᠨ ᠭᠡᠷ ᠢᠶᠡᠨ ᠬᠡᠯᠡᠯᠴᠡᠭᠡᠷ ᠦᠳ ᠬᠢᠬᠦ ᠪᠦᠷᠢ ᠳᠦ ᠪᠡᠨ ᠡᠷᠦᠳᠡᠰᠦ ᠪᠠᠶᠠᠯᠢᠭ ᠤᠨ ᠬᠠᠤᠯᠢ ᠪᠠᠨ ᠬᠥᠷᠥᠩᠭᠡ ᠣᠷᠣᠭᠤᠯᠤᠭᠴᠢᠳ ᠤᠨ ᠲᠠᠭᠠᠯᠠᠯ ᠳᠤ ᠨᠡᠢᠢᠴᠡᠭᠦᠯᠦᠨ ᠥᠭᠡᠷᠡᠴᠢᠯᠡᠵᠦ᠂ ᠤᠯᠠᠮ ᠯᠢᠪᠧᠷᠠᠯ ᠬᠡᠯᠪᠡᠷᠢ ᠲᠡᠢ ᠪᠣᠯᠭᠠᠬᠤ ᠠᠴᠠ ᠪᠤᠴᠠᠳᠠᠭ ᠦᠭᠡᠢ ᠬᠡᠮᠡᠨ ᠳ᠋ᠦᠩᠨᠡᠵᠡᠢ᠃

 

ᠡᠢᠢᠮᠦ ᠪᠠᠢᠢᠲᠠᠯ᠎ᠠ ᠡᠳᠦᠢ ᠪᠣᠯᠲᠠᠯ᠎ᠠ ᠳᠣᠷᠪᠢᠲᠠᠢ ᠬᠥᠷᠥᠩᠭᠡ ᠣᠷᠣᠭᠤᠯᠤᠯᠲᠠ ᠬᠢᠭ᠍ᠳᠡᠬᠦ ᠦᠭᠡᠢ ᠪᠠᠢᠢᠭ᠎ᠠ ᠢᠢᠨ ᠰᠢᠯᠲᠠᠭᠠᠨ ᠢ ᠨᠢᠭᠡ ᠳᠥ᠂ ᠵᠠᠰᠠᠭᠯᠠᠯ ᠤᠨ ᠲᠣᠭᠲᠠᠪᠤᠷᠢ ᠦᠭᠡᠢ ᠪᠠᠢᠢᠳᠠᠯ᠂ ᠰᠢᠢᠳᠪᠦᠷᠢ ᠦᠭᠡᠢ ᠪᠠᠢᠢᠳᠠᠯ ᠠᠴᠠ᠂ ᠬᠣᠶᠠᠷ ᠲᠤ᠂ ᠶᠡᠬᠡ ᠭᠦᠷᠦᠨ ᠨᠦᠭᠦᠳ ᠦᠨ ᠭᠧᠣᠫᠣᠯᠢᠲ᠋ᠢᠺ ᠠᠴᠠ ᠬᠠᠢᠢᠬᠤ ᠤᠴᠢᠷ ᠲᠠᠢ ᠢᠢ ᠰᠤᠳᠤᠯᠤᠭᠠᠴᠢᠳ ᠨᠢᠭᠡᠨ ᠳᠠᠭᠤ ᠪᠠᠷ ᠬᠡᠯᠡᠵᠦ ᠪᠠᠢᠢᠨ᠎ᠠ᠃

 

ᠬᠥᠷᠥᠩᠭᠡ ᠣᠷᠣᠭᠤᠯᠤᠯᠲᠠ ᠢᠢᠨ ᠬᠠᠮᠤᠭ ᠤᠨ 《ᠲᠠᠭᠠᠲᠠᠢ》 ᠠᠶᠠᠳᠠᠭᠤ ᠬᠠᠤᠯᠢ ᠲᠠᠢ ᠭᠡᠭ᠍ᠳᠡᠭᠰᠡᠨ ᠮᠣᠩᠭ᠋ᠣᠯ ᠤᠯᠤᠰ ᠮᠠᠨᠢ ᠭᠠᠳᠠᠭᠠᠳᠤ ᠢᠢᠨ ᠬᠥᠷᠥᠩᠭᠡ ᠣᠷᠣᠭᠤᠯᠤᠯᠲᠠ ᠳᠤ ᠡᠭᠡᠯᠢᠲᠡᠢ 80 ᠤᠯᠤᠰ ᠤᠨ ᠵᠢᠭ᠌ᠰᠠᠭᠠᠯᠲᠠ ᠳᠤ ᠪᠠᠭᠳᠠᠭ᠎ᠠ ᠦᠭᠡᠢ ᠪᠠᠢᠢᠭ᠎ᠠ ᠶᠤᠮ᠃ ᠡᠨᠡ ᠵᠢᠭ᠌ᠰᠠᠭᠠᠯᠲᠠ ᠳᠤ ᠤᠷᠳᠤ ᠬᠥᠷᠰᠢ ᠮᠠᠨᠢ 50 ᠍ ᠳᠤ᠂ ᠬᠣᠢᠢᠳᠤ ᠬᠥᠷᠰᠢ 60 ᠍  ᠳᠥ ᠡᠷᠢᠮᠪᠡᠯᠡᠭᠳᠡᠵᠡᠢ᠃ ᠪᠢᠳᠡᠨ ᠲᠡᠢ ᠢᠵᠢᠯ ᠭᠠᠷᠠᠭᠠᠨ ᠠᠴᠠ ᠬᠥᠳᠡᠯᠦᠭᠰᠡᠨ ᠭᠡᠵᠦ ᠪᠣᠯᠬᠣ ᠪᠠᠷ ᠸᠢᠶᠧᠲ᠋ᠨᠠᠮ 59᠂ ᠺᠠᠰᠠᠭᠰᠲ᠋ᠠᠨ 64 ᠍  ᠳᠥ ᠡᠷᠢᠮᠪᠡᠯᠡᠭᠳᠡᠭᠰᠡᠨ ᠪᠠᠢᠢᠨ᠎ᠠ᠃ ᠡᠭᠦᠪᠡᠷ ᠶᠠᠭᠤ ᠢᠢ ᠬᠡᠯᠡᠬᠦ ᠭᠡᠳ ᠪᠠᠢᠢᠨ᠎ᠠ ᠭᠡᠬᠦ ᠪᠡᠷ ᠮᠣᠩᠭ᠋ᠣᠯᠴᠤᠳ ᠬᠥᠷᠥᠩᠭᠡ ᠣᠷᠣᠭᠤᠯᠤᠯᠲᠠ ᠢᠢᠨ ᠬᠠᠤᠯᠢ ᠪᠠᠨ ᠶᠠᠭᠠᠬᠢᠵᠤ ᠴᠤ ᠵᠥᠭᠡᠯᠡᠷᠡᠭᠦᠯᠦᠯ᠎ᠡ ᠭᠡᠳ ᠶᠡᠬᠡ ᠭᠦᠷᠦᠨ ᠨᠦᠭᠦᠳ ᠦᠨ ᠭᠧᠣᠫᠣᠯᠢᠲ᠋ᠢᠺ ᠲᠤ ᠨᠡᠢᠢᠴᠡᠭᠰᠡᠨ ᠪᠣᠳᠣᠯᠭ᠎ᠠ ᠭᠠᠷᠭᠠᠵᠤ᠂ ᠬᠡᠷᠡᠭᠵᠢᠭᠦᠯᠬᠦ ᠦᠭᠡᠢ ᠯᠠ ᠪᠣᠯ ᠨᠠᠰᠢ ᠪᠠᠨ ᠲᠣᠮᠣ ᠬᠥᠷᠥᠩᠭᠡ ᠣᠷᠣᠭᠤᠯᠤᠯᠲᠠ ᠬᠢᠭ᠍ᠳᠡᠬᠦ ᠦᠭᠡᠢ᠃ ᠬᠠᠷᠢᠴᠠᠭᠤᠯᠬᠤ ᠳᠤ 2017 ᠣᠨ ᠤ ᠪᠠᠢᠢᠳᠠᠯ ᠢᠶᠠᠷ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠵᠦᠭ ᠡᠴᠡ ᠺᠠᠰᠠᠭᠰᠲ᠋ᠠᠨ ᠳᠤ 42᠂8 ᠲᠡᠷᠪᠤᠮ ᠳ᠋ᠣᠯᠯᠠᠷ ᠤᠨ ᠰᠢᠭᠤᠳ ᠬᠥᠷᠥᠩᠭᠡ ᠣᠷᠣᠭᠤᠯᠤᠯᠲᠠ᠂ 50 ᠲᠡᠷᠪᠤᠮ ᠳ᠋ᠣᠯᠯᠠᠷ ᠤᠨ ᠵᠡᠭᠡᠯᠢ ᠣᠯᠭᠤᠵᠠᠢ᠃ ᠬᠥᠷᠥᠩᠭᠡ ᠣᠷᠣᠭᠤᠯᠤᠯᠲᠠ ᠢᠢᠨ ᠨᠡᠩ ᠲᠠᠭᠠᠲᠠᠢ ᠬᠠᠤᠯᠢ ᠲᠠᠢ ᠪᠠᠷ ᠢᠶᠠᠨ ᠪᠣᠯᠳᠠᠭ ᠪᠣᠯ ᠮᠣᠩᠭ᠋ᠣᠯ ᠳᠤ ᠡᠭᠦᠨ ᠡᠴᠡ ᠳᠤᠲᠠᠬᠤ ᠪᠠᠷ ᠦᠭᠡᠢ ᠯᠠ ᠬᠥᠷᠥᠩᠭᠡ ᠣᠷᠣᠭᠤᠯᠤᠯᠲᠠ ᠬᠢᠭ᠍ᠳᠡᠭᠰᠡᠨ ᠪᠠᠢᠢᠬᠤ ᠤᠴᠢᠷ ᠲᠠᠢ᠃

 

ᠡᠨᠡ ᠪᠦᠬᠦᠨ ᠢ ᠴᠠᠭ ᠭᠠᠷᠭᠠᠨ ᠨᠤᠷᠱᠤᠬᠤ ᠢᠢᠨ ᠤᠴᠢᠷ ᠨᠢ ᠪᠥᠰᠡ ᠨᠤᠲᠤᠭ ᠤᠨ ᠢᠨ᠋ᠲ᠋ᠧᠭᠷᠠᠼᠢ ᠳᠤ ᠨᠢᠭᠡᠳᠦᠨ ᠤᠷᠤᠬᠤ ᠵᠠᠮ ᠢᠶᠠᠷ ᠬᠥᠷᠰᠢ ᠭᠦᠷᠦᠨ ᠨᠦᠭᠦᠳ ᠲᠡᠢ ᠪᠡᠨ ᠠᠰᠢᠭ ᠰᠣᠨᠢᠷᠬᠠᠯ ᠢᠶᠠᠨ ᠨᠢᠭᠡᠳᠬᠡᠬᠦ ᠦᠭᠡᠢ ᠪᠡᠷ ᠮᠣᠩᠭ᠋ᠣᠯ ᠤᠨ ᠬᠥᠭ᠍ᠵᠢᠯ ᠦᠨ ᠲᠠᠯᠠᠭᠠᠷᠬᠢ ᠡᠯᠳᠡᠪ ᠰᠠᠢᠢᠬᠠᠨ ᠲᠥᠰᠥᠭᠡᠯᠡᠯ᠂ ᠬᠥᠲᠥᠯᠪᠦᠷᠢ᠂ ᠲᠥᠰᠥᠯ ᠦᠳ ᠲᠣᠳᠣᠷᠬᠠᠢ ᠦᠭᠡᠢ ᠲᠥᠯᠥᠪ ᠲᠥ ᠣᠷᠣᠨ᠎ᠠ ᠭᠡᠳᠡᠭ ᠢ ᠯᠠ ᠬᠡᠯᠡᠬᠦ ᠭᠡᠳ ᠪᠠᠢᠢᠭ᠎ᠠ ᠶᠤᠮ᠃ ᠮᠣᠩᠭ᠋ᠣᠯ ᠤᠨ ᠡᠳ᠋ ᠍ ᠦᠨ ᠵᠠᠰᠠᠭ ᠨᠢ ᠭᠠᠳᠠᠭᠠᠳᠤ ᠬᠦᠴᠦᠨ ᠵᠦᠢᠯᠡᠰ ᠡᠴᠡ ᠳᠡᠩᠳᠡᠭᠦᠦ ᠬᠠᠮᠢᠶᠠᠷᠤᠯ ᠲᠠᠢ᠂ ᠳᠣᠲᠣᠭᠠᠳᠤ ᠬᠦᠴᠦᠨ ᠵᠦᠢᠯ ᠢᠶᠡᠨ ᠪᠦᠷᠢᠨ ᠠᠰᠢᠭᠯᠠᠵᠤ ᠴᠢᠳᠠᠳᠠᠭ ᠦᠭᠡᠢ ᠦᠯᠪᠡᠭᠡᠷ ᠨᠥᠬᠥᠴᠡᠯ  ᠳᠥ 28 ᠵᠢᠯ ᠲᠡᠢᠢᠴᠢᠯᠡᠵᠦ ᠪᠠᠢᠢᠭ᠎ᠠ ᠢᠢᠨ ᠮᠥᠨ ᠴᠢᠨᠠᠷ ᠢ ᠣᠢᠢᠯᠠᠭᠠᠬᠤ ᠦᠭᠡᠢ ᠪᠡᠷ ᠪᠢᠳᠡ ᠴᠠᠭᠠᠰᠢ ᠶᠠᠪᠤᠵᠤ ᠴᠢᠳᠠᠬᠤ ᠦᠭᠡᠢ ᠨᠢ ᠡ᠃

 

ᠥᠩᠭᠡᠷᠡᠭᠰᠡᠨ ᠣᠨ ᠤ ᠰᠡᠭᠦᠯ ᠢᠢᠡᠷ ᠠᠮᠧᠷᠢᠺᠠ ᠢᠢᠨ ᠨᠢᠭᠡᠳᠦᠭᠰᠡᠨ ᠤᠯᠤᠰ ᠤᠨ ᠶᠡᠷᠦᠩᠬᠡᠢᠢᠯᠡᠭᠴᠢ ᠳ᠋ᠤᠨᠠᠯᠳ᠋ ᠲᠷᠠᠮᠫ ᠦᠨᠳᠦᠰᠦᠨ ᠦ ᠠᠶᠤᠯ ᠦᠭᠡᠢ ᠪᠠᠢᠢᠳᠠᠯ ᠤᠨ ᠰᠢᠨ᠎ᠡ ᠪᠣᠳᠣᠯᠭ᠎ᠠ ᠪᠠᠨ ᠵᠠᠷᠯᠠᠭᠰᠠᠨ ᠤ ᠳᠠᠷᠠᠭᠠᠬᠠᠨ ᠲᠡᠭᠦᠨ ᠦ ᠠᠶᠤᠯ ᠦᠭᠡᠢ ᠪᠠᠢᠢᠳᠠᠯ ᠤᠨ ᠵᠦᠪᠯᠡᠬᠦ ᠬᠧᠷᠪᠧᠷᠲ ᠮᠠᠺᠮᠠᠰᠲ᠋ᠸᠷ 《ᠭᠧᠣᠫᠣᠯᠢᠲ᠋ᠢᠭ ᠡᠷᠭᠢᠨ ᠢᠷᠡᠯ᠎ᠡ᠂ ᠢᠩᠭᠢᠬᠦ ᠳᠥ ᠪᠡᠨ ᠬᠣᠶᠠᠷ ᠳᠠᠬᠢᠨ ᠶᠡᠬᠡᠰᠬᠡᠭ᠍ᠰᠡᠨ ᠬᠦᠴᠦᠲᠡᠢ ᠪᠡᠷ ᠡᠷᠭᠢᠨ ᠢᠷᠡᠯ᠎ᠡ》 ᠬᠡᠮᠡᠨ ᠮᠡᠳᠡᠭᠳᠡᠭᠰᠡᠨ ᠨᠢ ᠡᠳᠦᠷ ᠡᠴᠡ ᠡᠳᠦᠷ ᠲᠥ ᠪᠡᠶᠡᠯᠡᠯ ᠢᠶᠡᠨ ᠣᠯᠵᠤ ᠪᠠᠢᠢᠨ᠎ᠠ᠃

 

ᠥᠨᠥᠳᠥᠷ ᠳᠡᠯᠡᠬᠡᠢ ᠢᠢᠨ ᠬᠦᠴᠦᠨ ᠦ ᠬᠠᠷᠢᠴᠠᠭ᠎ᠠ᠂ ᠳᠠᠬᠢᠨ ᠬᠤᠪᠢᠶᠠᠷᠢᠯᠠᠯᠲᠠ ᠨᠢ ᠮᠣᠩᠭ᠋ᠣᠯ ᠤᠯᠤᠰ ᠲᠤ ᠲᠠᠭᠠᠲᠠᠢ᠂ ᠲᠠᠭ᠎ᠠ ᠦᠭᠡᠢ ᠶᠠᠩᠵᠤ ᠪᠦᠷᠢ ᠢᠢᠨ ᠨᠥᠬᠥᠴᠡᠯ ᠢ ᠲᠤᠯᠭᠠᠵᠤ ᠪᠠᠢᠢᠨ᠎ᠠ᠃ 2017 ᠣᠨ ᠳᠤ ᠳᠣᠲᠤᠭᠠᠳᠤ ᠢᠢᠨ ᠨᠡᠢᠢᠲᠡ ᠪᠦᠲᠦᠭᠡᠭ᠍ᠳᠡᠬᠦᠨ 5᠂1 ᠬᠤᠪᠢ ᠪᠠᠷ ᠥᠰᠦᠭᠰᠡᠨ ᠭᠡᠳᠡᠭ ᠲᠣᠭᠠᠨ ᠤ ᠴᠠᠭᠠᠳᠤ ᠲᠠᠢ ᠶᠡᠷᠦ ᠳᠡᠭᠡᠨ ᠯᠠ ᠬᠣᠢᠢᠳᠤ ᠰᠣᠯᠣᠩᠭ᠋ᠣᠰ ᠤᠨ ᠨᠡᠭᠦᠷᠡᠰᠦᠨ ᠦ ᠡᠺᠰᠫᠣᠷᠲ ᠣᠯᠠᠨ ᠤᠯᠤᠰ ᠤᠨ ᠬᠣᠷᠢᠭ ᠠᠷᠭ᠎ᠠ ᠬᠡᠮᠵᠢᠶᠡᠨ  ᠳᠥ ᠥᠷᠲᠦᠭᠰᠡᠨ ᠢᠶᠡᠷ ᠮᠣᠩᠭ᠋ᠣᠯ ᠤᠨ ᠨᠡᠭᠦᠷᠡᠰᠦᠴᠢᠳ ᠲᠥ ᠲᠠᠭᠠᠲᠠᠢ ᠪᠣᠯᠤᠮᠵᠢ ᠭᠠᠷᠤᠭᠰᠠᠨ ᠶᠠᠪᠤᠳᠠᠯ ᠪᠤᠢ᠃ ᠵᠠᠰᠠᠭ ᠤᠨ ᠭᠠᠵᠠᠷ᠂ ᠠᠭᠤᠷᠬᠠᠢᠢᠴᠢᠳ ᠤᠨ ᠨᠥᠯᠥᠭᠡ ᠡᠨᠳᠡ ᠪᠠᠢᠢᠬᠤ ᠦᠭᠡᠢ ᠭᠡᠳᠡᠭ ᠢ ᠬᠡᠯᠡᠮᠡᠷ ᠪᠠᠢᠢᠨ᠎ᠠ᠃

 

ᠪᠦᠬᠦ ᠴᠠᠭ ᠦᠶ᠎ᠡ  ᠳᠥ ᠮᠣᠩᠭ᠋ᠣᠯ ᠤᠨ ᠡᠳ᠋ ᠍ ᠦᠨ ᠵᠠᠰᠠᠭ ᠲᠤ ᠪᠢᠳᠡᠨ ᠦ ᠥᠪᠡᠷᠰᠡᠳ ᠢᠶᠡᠨ ᠵᠣᠬᠢᠴᠠᠭᠤᠯᠵᠤ ᠪᠣᠯᠬᠤ ᠳᠣᠲᠣᠭᠠᠳᠤ ᠬᠦᠴᠦᠨ ᠵᠦᠢᠯᠡᠰ ᠡᠴᠡ ᠢᠯᠡᠭᠦᠦ ᠲᠡᠢ ᠪᠡᠷ ᠪᠢᠳᠡᠨ ᠡᠴᠡ ᠦᠯᠦ ᠬᠠᠮᠢᠶᠠᠷᠬᠤ ᠭᠠᠳᠠᠭᠠᠳᠤ ᠬᠦᠴᠦᠨ ᠵᠦᠢᠯᠡᠰ ᠨᠥᠯᠦᠭᠡᠯᠡᠵᠦ ᠢᠷᠡᠭᠰᠡᠨ᠂ ᠴᠢᠨᠠᠭᠰᠢᠳᠠ ᠪᠠᠨ ᠴᠤ ᠨᠥᠯᠥᠭᠡᠯᠡᠬᠦ ᠪᠡᠷ ᠪᠠᠢᠢᠨ᠎ᠠ᠃ 1990 ᠣᠨ ᠤ ᠠᠷᠠᠳᠴᠢᠯᠠᠭᠰᠠᠨ ᠬᠤᠪᠢᠰᠬᠠᠯ ᠤᠨ ᠳᠠᠷᠠᠭ᠎ᠠ ᠴᠢᠯᠦᠭᠡᠲᠦ ᠵᠠᠬ᠎ᠠ ᠵᠡᠭᠡᠯᠢ᠂ ᠦᠯᠦ ᠦᠵᠡᠭᠳᠡᠭᠴᠢ ᠭᠠᠷ᠂ ᠬᠤᠪᠢ ᠢᠢᠨ ᠥᠮᠴᠢ ᠡᠳ᠋ ᠍ ᠦᠨ ᠵᠠᠰᠠᠭ ᠢ ᠰᠡᠪᠬᠢᠲᠡᠯ᠎ᠡ ᠡᠷᠭᠦᠭᠡᠳ ᠶᠠᠪᠤᠴᠢᠬᠠᠨ᠎ᠠ ᠭᠡᠬᠦ ᠪᠢᠳᠡᠨ ᠦ ᠭᠡᠨᠡᠬᠡᠨ ᠲᠥᠰᠥᠭᠡᠯᠡᠯ ᠪᠣᠳᠠᠲᠤ ᠪᠠᠢᠢᠳᠠᠯ ᠤᠨ ᠬᠠᠨ᠎ᠠ ᠢᠢ ᠮᠥᠷᠭᠥᠨ ᠤᠨᠲᠠᠷᠠᠯ᠎ᠠ᠃ ᠦᠯᠦ ᠦᠵᠡᠭᠳᠡᠭᠴᠢ ᠭᠠᠷ ᠦᠨᠳᠦᠰᠦᠨ ᠦ ᠡᠷᠬᠡ ᠠᠰᠢᠭ ᠢ ᠬᠠᠩᠭ᠋ᠠᠵᠤ ᠴᠢᠳᠠᠬᠤ ᠦᠭᠡᠢ᠂ ᠬᠠᠷᠢᠨ ᠭᠧᠣᠫᠣᠯᠢᠲ᠋ᠢᠭ ᠪᠣᠳᠠᠲᠤ ᠦᠢᠯᠡᠴᠢᠯᠡᠯ ᠲᠡᠢ ᠣᠷᠣᠰᠢᠭᠰᠠᠭᠠᠷ ᠪᠠᠢᠢᠨ᠎ᠠ᠃

 

ᠮᠠᠨ ᠤ ᠭᠠᠳᠠᠭᠠᠳᠤ ᠣᠷᠴᠢᠨ ᠮᠠᠰᠢ ᠬᠤᠷᠳᠤᠴᠠᠲᠠᠢ ᠥᠭᠡᠷᠡᠴᠢᠯᠡᠭᠳᠡᠵᠦ᠂ ᠰᠢᠨ᠎ᠡ ᠪᠦᠯᠦᠭᠯᠡᠯ᠂ ᠲᠠᠯᠠᠴᠠᠯ ᠡᠭᠦᠰᠬᠦ ᠰᠢᠨᠵᠢ ᠲᠡᠮᠳᠡᠭ ᠢᠯᠡᠷᠬᠡᠢ ᠲᠣᠳᠣᠷᠬᠠᠢ ᠪᠣᠯᠵᠤ ᠪᠠᠢᠢᠨ᠎ᠠ᠃ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠰᠣᠯᠣᠩᠭ᠋ᠣᠰ ᠠᠷᠠᠳ ᠤᠯᠤᠰ ᠤᠨ ᠤᠳᠤᠷᠢᠳᠤᠭᠴᠢ ᠺᠢᠮ ᠵᠥᠨ ᠤᠢᠨ ᠤ ᠡᠮᠦᠨᠡᠲᠦ ᠰᠣᠯᠣᠩᠭ᠋ᠣᠰ᠂ ᠠᠮᠧᠷᠢᠺᠠ ᠢᠢᠨ ᠨᠢᠭᠡᠳᠦᠭᠰᠡᠨ ᠤᠯᠤᠰ ᠲᠠᠢ ᠬᠠᠷᠢᠴᠠᠬᠤ ᠬᠠᠷᠢᠴᠠᠭ᠎ᠠ ᠪᠠᠨ ᠭᠡᠨᠡᠳᠲᠡ ᠡᠶᠡᠷᠬᠦ ᠴᠢᠭᠯᠡᠯ  ᠳᠥ ᠥᠭᠡᠷᠡᠴᠢᠯᠡᠭᠰᠡᠨ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠡᠭᠡᠳᠥ ᠤᠳᠤᠷᠢᠳᠤᠯᠭ᠎ᠠ ᠬᠣᠢᠢᠳᠤ ᠰᠣᠯᠣᠩᠭ᠋ᠣᠰ ᠤᠨ ᠤᠳᠤᠷᠢᠳᠤᠭᠴᠢ ᠲᠠᠢ ᠰᠠᠷ᠎ᠠ ᠢᠢᠨ ᠳᠣᠲᠣᠷ᠎ᠠ ᠬᠣᠶᠠᠷ ᠴᠤ ᠠᠭᠤᠯᠵᠠᠭᠰᠠᠨ᠂ ᠢᠷᠠᠨ ᠤ ᠴᠥᠮ᠎ᠡ ᠢᠢᠨ ᠭᠡᠷ᠎ᠠ ᠡᠴᠡ ᠠᠮᠧᠷᠢᠺᠠ ᠢᠢᠨ ᠨᠢᠭᠡᠳᠦᠭᠰᠡᠨ ᠤᠯᠤᠰ ᠭᠠᠷᠴᠤ ᠪᠠᠢᠢᠭ᠎ᠠ ᠪᠠᠨ ᠵᠠᠷᠯᠠᠭᠰᠠᠨ᠂ ᠰᠢᠷᠢ ᠪᠣᠯᠤᠨ ᠢᠷᠠᠨ ᠲᠠᠢ ᠣᠷᠣᠰ ᠤᠨ ᠬᠣᠯᠪᠣᠭᠠᠨ ᠤ ᠤᠯᠤᠰ ᠤᠨ ᠲᠦᠩᠰᠢᠯᠡᠯ ᠵᠤᠵᠠᠭᠠᠷᠠᠵᠤ᠂ ᠧᠦ᠋ᠷᠣᠫᠠ ᠢᠢᠨ ᠬᠣᠯᠪᠣᠭ᠎ᠠ ᠴᠠᠭᠠᠰᠢᠳᠠ ᠠᠮᠧᠷᠢᠺᠠ ᠳᠤ ᠨᠠᠢᠢᠳᠠᠬᠤ ᠦᠭᠡᠢ ᠪᠣᠯᠤᠭᠰᠠᠨ ᠢᠶᠠᠨ ᠵᠠᠷᠯᠠᠨ᠂ ᠬᠣᠯᠪᠤᠭᠠᠨ ᠤ ᠪᠦᠭᠦᠳᠡ ᠨᠠᠢᠢᠷᠠᠮᠳᠠᠬᠤ ᠭᠧᠷᠮᠠᠨ ᠤᠯᠤᠰ ᠍ ᠤᠨ ᠵᠦᠭ ᠡᠴᠡ ᠣᠷᠣᠰ ᠤᠨ ᠬᠣᠯᠪᠣᠭᠠᠨ ᠤ ᠤᠯᠤᠰ ᠲᠠᠢ ᠬᠠᠷᠢᠯᠴᠠᠭ᠎ᠠ ᠪᠠᠨ ᠰᠡᠷᠭᠦᠭᠡᠬᠦ ᠪᠡᠷ ᠴᠢᠷᠮᠠᠢᠢᠵᠤ ᠂ ᠬᠡᠢ ᠢᠢᠨ ᠬᠣᠭᠣᠯᠠᠢ ᠢᠢᠨ ᠬᠣᠶᠠᠷ ᠳᠠᠬᠢ ᠬᠣᠢᠢᠳᠤ ᠤᠷᠤᠰᠬᠠᠯ ᠤᠨ ᠲᠠᠯ᠎ᠠ ᠪᠠᠷ ᠬᠡᠯᠡᠯᠴᠡᠵᠦ ᠡᠬᠢᠯᠡᠭᠰᠡᠨ᠂ ᠬᠢᠲᠠᠳ ᠤᠳ ᠠᠮᠧᠷᠢᠺᠠ ᠲᠠᠢ ᠬᠢᠬᠦ ᠭᠠᠳᠠᠭᠠᠳᠤ ᠬᠤᠳᠠᠯᠳᠤᠭᠠᠨ ᠳᠤ ᠪᠠᠭᠤᠯᠲᠠ ᠬᠢᠭ᠍ᠰᠡᠨ ᠵᠡᠷᠭᠡ ᠨᠢ ᠭᠧᠣᠫᠣᠯᠢᠲ᠋ᠢᠺ ᠤᠨ ᠡᠷᠡᠰ ᠥᠭᠡᠷᠡᠴᠢᠯᠡᠯᠲᠡ᠂ ᠲᠡᠭᠦᠨ ᠢ ᠳᠠᠭᠠᠭᠰᠠᠨ ᠭᠧᠣ᠋ ᠡᠳ᠋ ᠍ ᠦᠨ ᠵᠠᠰᠠᠭ ᠤᠨ ᠲᠤᠯᠭᠠᠯᠲᠠ᠂ ᠨᠥᠬᠥᠴᠡᠯ ᠦᠳ ᠢ ᠠᠪᠴᠢᠷᠠᠬᠤ ᠨᠢ ᠭᠠᠷᠴᠠᠭ᠎ᠠ ᠦᠭᠡᠢ ᠪᠣᠯᠤᠯ᠎ᠠ᠃

 

ᠲᠷᠠᠮᠫ ᠠᠮᠧᠷᠢᠺᠠ ᠢᠢᠨ «ᠦᠨᠳᠦᠰᠦᠨ ᠦ ᠠᠶᠤᠯ ᠦᠭᠡᠢ ᠪᠠᠢᠢᠳᠠᠯ ᠤᠨ ᠰᠲ᠋ᠷᠠᠲ᠋ᠧᠭᠢ ᠢᠢ» ᠵᠠᠷᠯᠠᠬᠤ ᠳᠤ ᠪᠠᠨ «ᠡᠨᠡᠳᠬᠡᠭ᠌ – ᠨᠣᠮᠣᠬᠠᠨ ᠳᠠᠯᠠᠢ ᠢᠢᠨ ᠪᠥᠰᠡ» ᠭᠡᠬᠦ ᠰᠢᠨ᠎ᠡ ᠨᠡᠷ᠎ᠡ ᠲᠣᠮᠢᠶ᠎ᠠ᠂ ᠰᠢᠨ᠎ᠡ ᠪᠦᠰᠡᠴᠢᠯᠡᠯ ᠢ ᠲᠠᠨᠢᠯᠴᠠᠭᠤᠯᠤᠭᠰᠠᠨ᠃ ᠸᠠᠱᠢᠩᠲ᠋ᠣᠨ ᠤ ᠲᠠᠢᠢᠯᠪᠤᠷᠢᠯᠠᠵᠤ ᠪᠠᠢᠢᠭ᠎ᠠ ᠪᠠᠷ ᠪᠣᠯ ᠡᠨᠡᠳᠬᠡᠭ᠌ – ᠨᠣᠮᠣᠬᠠᠨ ᠳᠠᠯᠠᠢ ᠢᠢᠨ ᠪᠥᠰᠡ ᠭᠡᠬᠦ ᠣᠷᠣᠨ ᠵᠠᠢ ᠨᠢ «ᠡᠨᠡᠳᠬᠡᠭ᠌ ᠦᠨ ᠪᠠᠷᠠᠭᠤᠨ ᠡᠷᠭᠢ ᠡᠴᠡ ᠠᠮᠧᠷᠢᠺᠠ ᠢᠢᠨ ᠨᠢᠭᠡᠳᠦᠭᠰᠡᠨ ᠤᠯᠤᠰ ᠤᠨ ᠪᠠᠷᠠᠭᠤᠨ ᠡᠷᠭᠢ ᠢᠢ» ᠬᠠᠮᠤᠷᠬᠤ ᠠᠵᠡᠢ᠃ ᠡᠨᠡ ᠪᠦᠰᠡᠴᠢᠯᠡᠯ ᠨᠢ ᠮᠠᠷᠭᠤᠭᠠᠨ ᠦᠭᠡᠢ ᠪᠡᠷ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠥᠰᠦᠯᠲᠡ᠂ ᠬᠦᠴᠦᠷᠬᠡᠭ᠍ᠵᠢᠯᠲᠡ ᠲᠡᠢ ᠤᠶᠠᠯᠳᠤᠭ᠎ᠠ ᠲᠠᠢ ᠰᠥᠷᠬᠦ ᠪᠣᠳᠣᠯᠭ᠎ᠠ ᠢᠢᠨ ᠢᠯᠡᠷᠬᠡᠢᠢᠯᠡᠯ ᠶᠤᠮ᠃ ᠠᠮᠧᠷᠢᠺᠠ ᠢᠢᠨ ᠨᠢᠭᠡᠳᠦᠭᠰᠡᠨ ᠤᠯᠤᠰ ᠠᠽᠢᠶ᠎ᠠ᠂ ᠵᠡᠭᠦᠨ ᠡᠮᠦᠨᠡᠲᠦ ᠠᠽᠢᠶ᠎ᠠ ᠳ᠋ᠠᠬᠢ ᠬᠢᠲᠠᠳ ᠤᠨ ᠬᠦᠴᠦᠷᠬᠡᠭ᠍ᠵᠢᠯᠲᠡ ᠢᠢ ᠲᠡᠩᠴᠡᠪᠦᠷᠢᠵᠢᠭᠦᠯᠬᠦ᠂ ᠣᠷᠣᠰ ᠢ ᠰᠠᠭᠠᠷᠮᠠᠭᠵᠢᠭᠤᠯᠬᠤ ᠰᠣᠨᠢᠷᠬᠠᠯ᠎ ᠢᠢᠠᠨ ᠨᠢᠭᠤᠬᠤ ᠦᠭᠡᠢ ᠪᠠᠢᠢᠭ᠎ᠠ᠃ ᠬᠢᠲᠠᠳ ᠤᠨ ᠪᠥᠰᠡ ᠪᠠ ᠵᠠᠮ ᠪᠣᠳᠣᠯᠭ᠎ᠠ᠂ ᠳᠠᠶᠠᠭᠠᠷᠰᠢᠯ ᠢ ᠲᠤᠭᠤᠰᠢᠲᠠᠢ ᠪᠠᠷᠢᠮᠲᠠᠯᠠᠬᠤ᠂ ᠪᠠᠷᠠᠭᠤᠨ ᠧᠦᠢᠷᠣᠫᠠ ᠲᠠᠢ ᠪᠣᠯᠤᠨ ᠣᠷᠣᠰ ᠤᠨ ᠬᠣᠯᠪᠣᠭᠠᠨ ᠤ ᠤᠯᠤᠰ ᠲᠠᠢ ᠣᠢᠢᠷᠠᠳᠤᠨ ᠲᠦᠩᠰᠢᠯᠡᠬᠦ ᠵᠡᠷᠭᠡ ᠬᠠᠨᠳᠤᠯᠭ᠎ᠠ ᠨᠢ ᠠᠮᠧᠷᠢᠺᠠ ᠢᠢᠨ ᠪᠣᠳᠣᠯᠭ᠎ᠠ ᠢᠢ ᠰᠥᠷᠦᠵᠦ ᠪᠠᠢᠢᠭ᠎ᠠ ᠢᠢᠨ ᠬᠢ ᠨᠢ ᠢᠯᠡᠷᠬᠡᠢᠢᠯᠡᠯ ᠪᠣᠯᠵᠤ ᠪᠠᠢᠢᠨ᠎ᠠ᠃

ᠡᠳᠡᠭᠡᠷ ᠨᠢ ᠣᠭᠲᠣ ᠲᠠᠭᠠᠰᠢ ᠦᠭᠡᠢ ᠦᠢᠯᠡ ᠶᠠᠪᠤᠴᠠ ᠪᠢᠰᠢ ᠪᠥᠭᠡᠳ ᠳᠡᠯᠡᠬᠡᠢ ᠢᠢᠨ ᠡᠳ᠋ ᠍ ᠦᠨ ᠵᠠᠰᠠᠭ ᠤᠨ ᠹᠣᠷᠤᠢᠮ ᠠᠴᠠ ᠤᠳᠠᠭ᠎ᠠ ᠳᠠᠷᠠᠭ᠎ᠠ ᠣᠯᠠᠨ ᠤᠯᠤᠰ ᠤᠨ ᠬᠠᠷᠢᠯᠴᠠᠭ᠎ᠠ ᠨᠢᠭᠡ ᠲᠥᠪ ᠲᠡᠢ ᠬᠠᠷᠢᠯᠴᠠᠭᠠᠨ ᠠᠴᠠ ᠣᠯᠠᠨ ᠲᠥᠪᠲᠦ ᠬᠠᠷᠢᠯᠴᠠᠭ᠎ᠠ ᠤᠷᠤᠭᠤ ᠰᠢᠯᠵᠢᠵᠦ᠂ ᠳᠠᠶᠠᠭᠠᠷᠰᠢᠯ ᠮᠤᠬᠤᠷᠳᠠᠯ ᠳᠤ ᠣᠷᠣᠬᠤ ᠢᠢ᠂ ᠰᠢᠨ᠎ᠡ ᠲᠠᠯᠠᠴᠠᠯ ᠡᠭᠦᠰᠬᠦ ᠢᠢ᠂ ᠪᠠᠷᠠᠭᠤᠨ ᠤ ᠯᠢᠪᠧᠷᠠᠯ ᠠᠷᠠᠳᠴᠢᠯᠠᠯ ᠮᠤᠬᠤᠷᠳᠠᠵᠤ᠂ ᠨᠥᠯᠥᠭᠡᠯᠡᠯ ᠢᠶᠡᠨ ᠪᠠᠷᠠᠬᠤ ᠢᠢ᠂ ᠬᠦᠴᠦᠨ ᠦ ᠲᠥᠪᠯᠡᠷᠡᠯ᠂ ᠰᠥᠷᠭᠡᠯᠳᠦᠭᠡᠨ ᠧᠦ᠋ᠷᠣ᠊ᠠᠽᠢ ᠳᠤ ᠰᠢᠯᠵᠢᠬᠦ᠂ ᠠᠮᠧᠷᠢᠺᠠ ᠢᠢᠨ ᠨᠢᠭᠡᠳᠦᠭᠰᠡᠨ ᠤᠯᠤᠰ ᠬᠠᠭᠤᠴᠢᠨ ᠤ ᠨᠥᠯᠥᠭᠡᠯᠡᠯ ᠢᠶᠡᠨ ᠰᠡᠷᠭᠦᠭᠡᠬᠦ᠂ ᠲᠣᠭᠲᠠᠭᠠᠨ ᠪᠠᠷᠢᠬᠤ ᠪᠠᠷ ᠡᠷᠡᠮᠡᠯᠵᠡᠬᠦ ᠵᠡᠷᠭᠡ ᠢᠢ ᠵᠥᠩᠨᠡᠨ ᠲᠠᠭᠠᠮᠠᠭᠯᠠᠵᠤ ᠪᠠᠢᠢᠭᠰᠠᠨ ᠨᠢ ᠪᠡᠶᠡᠯᠡᠯ ᠢᠶᠡᠨ ᠣᠯᠵᠤ ᠪᠠᠢᠢᠭ᠎ᠠ ᠶᠤᠮ᠃ ᠡᠢᠢᠮᠦ ᠨᠥᠬᠥᠴᠡᠯ  ᠳᠥ ᠪᠢᠳᠡ ᠳᠠᠩ ᠭᠠᠭᠴᠠ ᠮᠣᠩᠭ᠋ᠣᠯ ᠤᠨ ᠡᠳ᠋ ᠍ ᠦᠨ ᠵᠠᠰᠠᠭ ᠤᠨ ᠬᠠᠷᠢᠯᠴᠠᠭ᠎ᠠ᠂ ᠪᠣᠳᠣᠯᠭ᠎ᠠ ᠢᠢᠨ ᠲᠠᠯ᠎ᠠ ᠪᠠᠷ ᠡᠨᠳᠡ ᠴᠢᠬᠤᠯᠠᠴᠢᠯᠠᠨ ᠶᠠᠷᠢᠯᠴᠠᠬᠤ ᠨᠢ ᠰᠠᠢᠢᠬᠠᠨ ᠢᠶᠠᠷ ᠢᠯᠡᠷᠬᠡᠢᠢᠯᠡᠬᠦ  ᠳᠥ ᠨᠡᠯᠢᠶᠡᠨ ᠭᠡᠨᠡᠨ ᠴᠠᠢᠢᠯᠭᠠᠨ ᠬᠡᠷᠡᠭ ᠶᠤᠮ᠃ ᠡᠨᠡ ᠹᠣᠷᠤᠢᠮ ᠤᠨ ᠵᠠᠭᠪᠤᠷ᠂ ᠳᠠᠭᠤᠷᠢᠶᠠᠯ ᠨᠢ ᠪᠣᠯᠤᠭᠰᠠᠨ ᠳᠡᠯᠡᠬᠡᠢ ᠢᠢᠨ ᠡᠳ᠋ ᠍ ᠦᠨ ᠵᠠᠰᠠᠭ ᠤᠨ ᠹᠣᠷᠤᠢᠮ ᠳᠡᠭᠡᠷ᠎ᠡ ᠬᠡᠯᠡᠯᠴᠡᠳᠡᠭ᠂ ᠶᠠᠷᠢᠳᠠᠭ ᠭᠣᠣᠯ ᠠᠰᠠᠭᠤᠳᠠᠯ ᠨᠢ ᠭᠧᠣᠫᠣᠯᠢᠲ᠋ᠢᠭ᠂ ᠭᠧᠣ᠋ ᠡᠳ᠋ ᠍ ᠦᠨ ᠵᠠᠰᠠᠭ ᠪᠣᠯᠴᠢᠬᠠᠭᠠᠳ ᠪᠠᠢᠢᠭ᠎ᠠ ᠢᠢ ᠠᠩᠵᠠᠭᠠᠷᠠᠬᠤ ᠦᠭᠡᠢ ᠪᠠᠢᠢᠵᠤ ᠪᠣᠯᠬᠤ ᠦᠭᠡᠢ᠃

 

ᠮᠥᠩᠬᠡ ᠢᠢᠨ ᠬᠣᠶᠠᠷ ᠬᠥᠷᠰᠢ ᠢᠢᠨ ᠮᠠᠨᠢ ᠡᠳ᠋ ᠍ ᠦᠨ ᠵᠠᠰᠠᠭ ᠣᠢᠢᠷ᠎ᠠ ᠢᠢᠨ 3 ᠵᠢᠯ  ᠳᠥ 30 ᠶᠡᠬᠡ ᠨᠠᠶᠤᠳ ᠳ᠋ᠣᠯᠯᠠᠷ ᠪᠣᠯᠤᠨ ᠲᠡᠯᠡᠬᠦ ᠰᠤᠳᠤᠯᠭ᠎ᠠ ᠪᠠᠢᠢᠭ᠎ᠠ ᠶᠤᠮ᠃ ᠪᠥᠰᠡ ᠪᠠ ᠵᠠᠮ ᠬᠥᠲᠥᠯᠪᠦᠷᠢ  ᠳᠥ ᠪᠢᠳᠡᠨ ᠦ ᠣᠷᠣᠯᠴᠠᠭ᠎ᠠ ᠶᠠᠮᠠᠷ ᠪᠠᠢᠢᠬᠤ ᠪᠤᠢ ? ᠬᠣᠶᠠᠷ ᠬᠥᠷᠰᠢ ᠲᠡᠢ ᠪᠡᠨ ᠪᠣᠳᠣᠯᠭ᠎ᠠ ᠪᠠᠨ ᠤᠶᠠᠯᠳᠤᠭᠤᠯᠬᠤ᠂ ᠡᠭᠦᠨ ᠦ ᠵᠡᠷᠭᠡᠴᠡᠭᠡ ᠭᠤᠷᠪᠠ ᠳ᠋ᠠᠬᠢ ᠬᠥᠷᠰᠢ ᠨᠦᠭᠦᠳ ᠦᠨ ᠣᠷᠣᠯᠴᠠᠭ᠎ᠠ᠂ ᠠᠰᠢᠭ ᠰᠣᠨᠢᠷᠬᠠᠯ ᠢ ᠬᠠᠩᠭ᠋ᠠᠵᠤ᠂ ᠲᠡᠩᠴᠡᠪᠦᠷᠢ ᠢᠢ ᠪᠤᠢ ᠪᠣᠯᠭᠠᠬᠤ ᠵᠡᠷᠭᠡ  ᠳᠥ ᠠᠩᠬᠠᠷᠴᠤ ᠲᠥᠪᠯᠡᠷᠡᠬᠦ ᠦᠭᠡᠢ ᠪᠡᠷ ᠡᠳᠦᠢ ᠬᠦᠷᠲᠡᠯ᠎ᠡ ᠤᠷᠤᠰᠬᠠᠯ ᠢᠶᠠᠷ ᠶᠠᠪᠤᠵᠤ ᠢᠷᠡᠭᠰᠡᠨ 28 ᠵᠢᠯ ᠦᠨ ᠵᠠᠮᠨᠠᠯ ᠮᠠᠨᠢ ᠪᠢᠳᠡᠨ ᠢ ᠡᠳ᠋ ᠍ ᠦᠨ ᠵᠠᠰᠠᠭ ᠤᠨ ᠮᠤᠬᠤᠷ ᠭᠤᠳᠤᠮᠵᠢ ᠤᠷᠤᠭᠤ ᠠᠪᠠᠴᠢᠵᠠᠢ᠃

 

ᠰᠢᠢᠳᠦᠯ ᠢ ᠬᠣᠯᠠ ᠠᠴᠠ ᠬᠠᠢᠢᠬᠤ ᠬᠡᠷᠡᠭ ᠦᠭᠡᠢ ᠶᠠᠭᠤᠮ᠎ᠠ᠃ 2010 ᠣᠨ ᠳᠤ ᠤᠯᠤᠰ ᠤᠨ ᠶᠡᠬᠡ ᠬᠤᠷᠠᠯ ᠪᠠᠷ ᠰᠢᠨᠡᠴᠢᠯᠡᠨ ᠪᠠᠲᠤᠯᠠᠭᠰᠠᠨ ᠦᠨᠳᠦᠰᠦᠨ ᠦ ᠠᠶᠤᠯ ᠦᠭᠡᠢ ᠪᠠᠢᠢᠳᠠᠯ ᠤᠨ ᠦᠵᠡᠯ ᠪᠠᠷᠢᠮᠲᠠᠯᠠᠯ ᠢ ᠠᠮᠢᠳᠤᠷᠠᠯ ᠳᠤ ᠬᠡᠷᠡᠭᠵᠢᠭᠦᠯᠴᠢᠬᠦ  ᠳᠥ ᠯᠠ ᠮᠠᠰᠢ ᠣᠯᠠᠨ ᠪᠣᠯᠤᠮᠵᠢ ᠨᠡᠭᠡᠭᠡᠭ᠍ᠳᠡᠨ᠎ᠡ᠃

 

ᠦᠨᠳᠦᠰᠦᠨ ᠦ ᠠᠶᠤᠯ ᠦᠭᠡᠢ ᠪᠠᠢᠢᠳᠠᠯ ᠤᠨ ᠦᠵᠡᠯ ᠪᠠᠷᠢᠮᠲᠠᠯᠠᠯ ᠳᠤ᠄

 

3.1.1.4᠃ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠰᠠᠢᠢᠨ ᠬᠥᠷᠰᠢ ᠢᠢᠨ ᠨᠠᠢᠢᠷᠰᠠᠭ ᠬᠠᠷᠢᠯᠴᠠᠭ᠎ᠠ᠂ ᠥᠷᠭᠡᠨ ᠬᠦᠷᠢᠶ᠎ᠡ ᠲᠡᠢ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠦᠨ᠎ᠡ᠃ ᠴᠢᠩᠭᠢᠬᠦ ᠳᠥ ᠪᠡᠨ ᠦᠨᠳᠦᠰᠦᠨ ᠦ ᠡᠷᠬᠡ ᠠᠰᠢᠭ᠂ ᠬᠠᠷᠢᠯᠴᠠᠭᠠᠨ ᠤ ᠲᠡᠦᠬᠡᠨ ᠤᠯᠠᠮᠵᠢᠯᠠᠯ ᠢ ᠬᠠᠷᠠᠭᠠᠯᠵᠠᠨ ᠪᠥᠰᠡ ᠨᠤᠲᠤᠭ ᠤᠨ ᠡᠩᠬᠡ ᠲᠠᠢᠢᠪᠤᠩ᠂ ᠲᠣᠭᠲᠠᠪᠤᠷᠢᠲᠠᠢ ᠪᠠᠢᠢᠳᠠᠯ ᠢ ᠡᠷᠬᠢᠮᠯᠡᠵᠦ᠂ ᠪᠦᠬᠦᠯᠢ ᠳᠥ ᠪᠡᠨ ᠲᠡᠩᠴᠡᠪᠦᠷᠢᠲᠡᠢ ᠬᠠᠷᠢᠯᠴᠠᠬᠤ ᠢᠢ ᠡᠷᠡᠮᠡᠯᠵᠡᠨ᠎ᠡ ᠭᠡᠵᠦ ᠵᠢᠭᠠᠵᠠᠢ᠃

 

3.1.1.5. 《ᠭᠤᠷᠪᠠᠳᠠᠭᠴᠢ ᠬᠥᠷᠰᠢ》 ᠢᠢᠨ ᠪᠣᠳᠣᠯᠭ᠎ᠠ ᠢᠢᠨ ᠬᠦᠷᠢᠶᠡᠨ  ᠳᠥ ᠥᠨᠳᠥᠷ ᠬᠥᠭ᠍ᠵᠢᠯ ᠲᠡᠢ ᠠᠷᠠᠳᠴᠢᠯᠠᠭᠰᠠᠨ ᠤᠯᠤᠰ ᠤᠳ ᠲᠠᠢ ᠤᠯᠤᠰ ᠲᠥᠷᠥ᠂ ᠡᠳ᠋ ᠍ ᠦᠨ ᠵᠠᠰᠠᠭ᠂ ᠰᠤᠶᠤᠯ᠂ ᠬᠦᠮᠦᠨᠯᠢᠭ ᠦᠨ ᠰᠠᠯᠪᠤᠷᠢ ᠳᠤ ᠬᠣᠶᠠᠷ ᠪᠣᠯᠤᠨ ᠣᠯᠠᠨ ᠲᠠᠯ᠎ᠠ ᠢᠢᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠬᠥᠭ᠍ᠵᠢᠭᠦᠯᠦᠨ᠎ᠡ ᠭᠡᠵᠦ ᠵᠢᠭᠠᠭᠰᠠᠨ ᠢ ᠫᠠᠷᠭᠮᠠᠲ᠋ᠢᠭ ᠢᠶᠠᠷ ᠬᠡᠷᠡᠭᠵᠢᠭᠦᠯᠬᠦ  ᠳᠥ ᠣᠯᠠᠨ ᠠᠰᠠᠭᠤᠳᠠᠯ ᠰᠢᠢᠳᠦᠭᠳᠡᠬᠦ ᠶᠤᠮ᠃

 

ᠡᠢᠢᠮᠦ ᠡᠴᠡ ᠮᠣᠩᠭ᠋ᠣᠯ ᠤᠯᠤᠰ ᠣᠢᠢᠷ᠎ᠠ ᠢᠢᠨ ᠬᠤᠭᠤᠴᠠᠭᠠᠨ ᠳᠤ ᠠᠷᠮᠧᠨ᠂ ᠪᠧᠯᠠᠷᠤᠢᠰ᠂ ᠺᠠᠰᠠᠭᠰᠲ᠋ᠠᠨ᠂ ᠺᠢᠷᠭᠢᠽ᠂ ᠣᠷᠣᠰ ᠤᠨ ᠬᠣᠯᠪᠣᠭᠠᠨ ᠤ ᠤᠯᠤᠰ ᠵᠡᠷᠭᠡ ᠲᠠᠪᠤᠨ ᠤᠯᠤᠰ ᠪᠠᠭᠲᠠᠭᠰᠠᠨ ᠧᠦ᠋ᠷ᠊ᠠᠽᠢ ᠢᠢᠨ ᠡᠳ᠋ ᠍ ᠦᠨ ᠵᠠᠰᠠᠭ ᠤᠨ ᠬᠣᠯᠪᠣᠭᠠᠨ ᠤ ᠭᠠᠢᠢᠯᠢ ᠢᠢᠨ ᠬᠣᠯᠪᠣᠭ᠎ᠠ ᠲᠠᠢ ᠴᠢᠯᠦᠭᠡᠲᠦ ᠬᠤᠳᠠᠯᠳᠤᠭᠠᠨ ᠤ ᠬᠡᠯᠡᠯᠴᠡᠭᠡᠷ ᠪᠠᠢᠢᠭᠤᠯᠬᠤ ᠬᠡᠷᠡᠭᠲᠡᠢ᠃ ᠡᠨᠡ ᠬᠡᠯᠡᠯᠴᠡᠭᠡᠷ ᠢ ᠬᠢᠵᠦ ᠪᠠᠢᠢᠭ᠎ᠠ ᠲᠤᠩ ᠤᠳᠠᠬᠤ ᠦᠭᠡᠢ ᠡᠳᠡᠭᠡᠷ ᠲᠠᠪᠤᠨ ᠤᠯᠤᠰ ᠲᠤ ᠢᠮᠫᠣᠷᠲ ᠤᠨ ᠭᠠᠢᠢᠯᠢ ᠢᠢᠨ ᠲᠠᠲᠠᠪᠤᠷᠢ ᠦᠭᠡᠢ ᠪᠡᠷ ᠬᠤᠳᠠᠯᠳᠤᠭ᠎ᠠ ᠬᠢᠬᠦ ᠪᠣᠯᠤᠮᠵᠢ ᠨᠡᠭᠡᠭᠡᠭ᠍ᠳᠡᠨ᠎ᠡ ᠭᠡᠵᠦ ᠬᠠᠷᠠᠵᠤ ᠪᠠᠢᠢᠨ᠎ᠠ᠃ ᠮᠥᠨ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠲᠠᠢ ᠲᠣᠭᠲᠠᠭᠠᠭᠰᠠᠨ ᠬᠠᠮᠲᠤ ᠢᠢᠨ ᠠᠵᠢᠯᠯᠠᠭ᠎ᠠ ᠢᠢ ᠪᠠᠨ ᠡᠨᠡ ᠵᠢᠯ ᠳᠥ ᠪᠡᠨ ᠪᠠᠭᠲᠠᠭᠠᠨ ᠠᠬᠢᠭᠰᠠᠨ ᠲᠦᠪᠰᠢᠨ  ᠳᠥ ᠬᠦᠷᠭᠡᠵᠦ᠂ ᠢᠯᠡᠭᠦᠦ ᠢᠳᠡᠪᠬᠢᠲᠡᠢ ᠣᠷᠣᠯᠴᠠᠭ᠎ᠠ᠂ ᠬᠠᠮᠲᠤ ᠢᠢᠨ ᠠᠵᠢᠯᠯᠠᠭᠠᠨ ᠳᠤ ᠰᠢᠯᠵᠢᠬᠦ ᠬᠡᠷᠡᠭᠲᠡᠢ ᠪᠠᠢᠢᠨ᠎ᠠ᠃ ᠢᠩᠭᠢᠭ᠍ᠰᠡᠨ ᠢᠶᠡᠷ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ ᠨᠠᠢᠢᠮᠠᠨ ᠤᠯᠤᠰ ᠲᠠᠢ ᠬᠠᠷᠢᠯᠴᠠᠬᠤ ᠬᠠᠷᠢᠯᠴᠠᠭᠠᠨ ᠳᠤ ᠨᠡᠩ ᠲᠠᠭᠠᠲᠠᠢ ᠣᠷᠴᠢᠨ ᠡᠭᠦᠰᠬᠦ ᠢᠢᠨ ᠵᠡᠷᠭᠡᠴᠡᠭᠡ ᠣᠯᠠᠨ ᠵᠢᠯ ᠶᠠᠷᠢᠭᠠᠳ ᠪᠡᠶᠡᠯᠡᠯ ᠢᠶᠡᠨ ᠣᠯᠤᠭ᠎ᠠ ᠦᠭᠡᠢ ᠪᠥᠰᠡ ᠨᠤᠲᠤᠭ ᠤᠨ ᠳᠡᠳ᠋ ᠪᠦᠲᠦᠴᠡ  ᠳᠥ ᠬᠣᠯᠪᠣᠭᠳᠠᠬᠤ ᠠᠰᠠᠭᠤᠳᠠᠯ ᠪᠣᠳᠠᠲᠤ ᠠᠵᠢᠯ ᠬᠡᠷᠡᠭ ᠪᠣᠯᠤᠨ ᠬᠡᠷᠡᠭᠵᠢᠬᠦ ᠵᠠᠮ ᠨᠡᠭᠡᠭᠡᠭ᠍ᠳᠡᠨ᠎ᠡ᠃ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ ᠣᠷᠣᠨ ᠨᠤᠭᠤᠳ ᠤᠨ ᠬᠦᠮᠦᠨ ᠠᠮᠠ᠂ ᠡᠳ᠋ ᠍ ᠦᠨ ᠵᠠᠰᠠᠭ ᠤᠨ ᠬᠦᠴᠦᠨ ᠴᠢᠳᠠᠯ ᠢ ᠡᠨᠳᠡ ᠶᠠᠷᠢᠬᠤ ᠨᠢ ᠢᠯᠡᠭᠦᠴᠡ ᠪᠢᠵᠡ ᠡ᠃

 

ᠡᠢᠢᠮᠦ ᠫᠠᠷᠭᠮᠠᠲ᠋ᠢᠭ ᠬᠠᠨᠳᠤᠯᠭ᠎ᠠ ᠪᠠᠷᠢᠮᠲᠠᠯᠠᠨ᠂ ᠭᠠᠳᠠᠭᠠᠳᠤ ᠬᠤᠳᠠᠯᠳᠤᠭᠠᠨ ᠤ ᠲᠠᠭᠠᠲᠠᠢ ᠨᠥᠬᠥᠴᠡᠯ ᠦᠳ ᠢ ᠪᠤᠢ ᠪᠣᠯᠭᠠᠵᠤ ᠪᠠᠢᠢᠵᠤ ᠯᠠ ᠬᠥᠷᠥᠩᠭᠡ ᠣᠷᠣᠭᠤᠯᠤᠯᠲᠠ ᠢᠢ ᠮᠣᠩᠭ᠋ᠣᠯ ᠤᠷᠤᠭᠤ ᠪᠣᠳᠠᠲᠤ ᠪᠠᠷ ᠲᠠᠲᠠᠬᠤ ᠪᠣᠯᠤᠨ᠎ᠠ᠃ ᠮᠣᠩᠭ᠋ᠣᠯ ᠳᠤ ᠬᠥᠷᠥᠩᠭᠡ ᠣᠷᠣᠭᠤᠯᠤᠭᠴᠢᠳ ᠪᠦᠲᠦᠭᠡᠭ᠍ᠳᠡᠬᠦᠨ ᠢᠶᠡᠨ ᠥᠨᠥᠳᠥᠷ ᠪᠠᠷᠤᠭ ᠴᠢᠯᠦᠭᠡᠲᠦ ᠬᠤᠳᠠᠯᠳᠤᠭᠠᠨ ᠤ ᠬᠡᠯᠡᠯᠴᠡᠭᠡᠷ ᠲᠡᠢ ᠪᠠᠢᠢᠭ᠎ᠠ ᠧᠦᠢᠷᠣᠫᠠ ᠢᠢᠨ ᠬᠣᠯᠪᠣᠭ᠎ᠠ᠂ ᠶᠠᠫᠣᠨ ᠤᠷᠤᠭᠤ ᠲᠠᠲᠠᠪᠤᠷᠢ ᠦᠭᠡᠢ ᠭᠠᠷᠭᠠᠬᠤ ᠠᠴᠠ ᠭᠠᠳᠠᠨ᠎ᠠ᠂ ᠤᠳᠠᠬᠤ ᠦᠭᠡᠢ ᠧᠦ᠋ᠷᠣ᠊ᠠᠽᠢ ᠢᠢᠨ ᠡᠳ᠋ ᠍ ᠦᠨ ᠵᠠᠰᠠᠭ ᠤᠨ ᠬᠣᠯᠪᠣᠭ᠎ᠠ ᠪᠣᠯᠤᠨ ᠱᠠᠩᠬᠠᠢ ᠢᠢᠨ ᠬᠠᠮᠲᠤ ᠢᠢᠨ ᠠᠵᠢᠯᠯᠠᠭᠠᠨ ᠤ ᠪᠠᠢᠢᠭᠤᠯᠤᠯᠭ᠎ᠠ ᠢᠢᠨ ᠭᠡᠰᠢᠭᠦᠨ ᠣᠷᠣᠨ ᠨᠤᠭᠤᠳ ᠤᠷᠤᠭᠤ ᠲᠠᠭᠠᠯᠠᠮᠵᠢᠲᠠᠢ ᠨᠥᠬᠥᠴᠡᠯ ᠢᠶᠡᠷ ᠡᠺᠰᠫᠣᠷᠲ᠋ᠯᠠᠬᠤ ᠪᠣᠯᠤᠮᠵᠢ ᠴᠤ ᠡᠭᠦᠰᠬᠦ ᠶᠤᠮ᠃

 

ᠮᠣᠩᠭ᠋ᠣᠯ ᠤᠨ ᠪᠣᠯᠪᠠᠰᠤᠷᠠᠭᠤᠯᠬᠤ ᠦᠢᠯᠡᠳᠪᠦᠷᠢᠯᠡᠯ  ᠳᠥ ᠬᠥᠷᠥᠩᠭᠡ ᠣᠷᠣᠭᠤᠯᠤᠯᠲᠠ ᠬᠢᠬᠦ  ᠳᠥ ᠲᠣᠬᠢᠷᠠᠮᠵᠢᠲᠠᠢ ᠴᠠᠭ ᠢᠷᠡᠭᠰᠡᠨ ᠢ ᠲᠠ ᠪᠦᠬᠦᠨ  ᠳᠥ ᠳᠠᠭᠤᠯᠭᠠᠶ᠎ᠠ᠃ ᠡᠭᠦᠨ ᠦ ᠵᠡᠷᠭᠡᠴᠡᠭᠡ ᠲᠦᠭᠦᠬᠡᠢ ᠡᠳ᠋ ᠍ ᠦᠨ ᠡᠺᠰᠫᠣᠷᠲ ᠢ ᠤᠯᠠᠮ ᠪᠦᠷ ᠬᠤᠮᠢᠬᠤ ᠪᠣᠳᠣᠯᠭ᠎ᠠ ᠪᠠᠢᠢᠭ᠎ᠠ ᠢᠢ ᠴᠤ ᠮᠡᠳᠡᠭᠳᠡᠬᠦ ᠨᠢ ᠵᠦᠢᠲᠡᠢ ᠪᠠᠢᠢᠬᠤ᠃ ᠧᠦ᠋ᠷᠣ᠊ᠠᠽᠢ ᠢᠢᠨ ᠢᠨ᠋ᠲ᠋ᠧᠭᠷᠠᠼᠢ ᠳᠤ ᠨᠢᠭᠡᠳᠦᠨ ᠣᠷᠣᠭᠰᠠᠨ ᠢᠶᠠᠷ ᠮᠣᠩᠭ᠋ᠣᠯ ᠳᠤ ᠦᠢᠯᠡᠳᠪᠦᠷᠢᠯᠡᠭᠰᠡᠨ 7000 ᠭᠠᠷᠤᠢ ᠨᠡᠷ᠎ᠡ ᠲᠥᠷᠥᠯ ᠦᠨ ᠪᠠᠷᠠᠭ᠎ᠠ ᠢᠢ ᠧᠦ᠋ᠷᠣᠫᠠ ᠢᠢᠨ ᠬᠣᠯᠪᠣᠭ᠎ᠠ ᠤᠷᠤᠭᠤ ᠡᠺᠰᠫᠣᠷᠲ ᠤᠨ ᠲᠠᠲᠠᠪᠤᠷᠢ ᠦᠭᠡᠢ᠂ ᠲᠣᠭᠠᠨ ᠤ ᠬᠢᠵᠠᠭᠠᠷ ᠪᠠᠢᠢᠬᠤ ᠦᠭᠡᠢ ᠭᠠᠷᠭᠠᠬᠤ ᠡᠷᠬᠡ ᠢᠢ ᠪᠦᠷᠢᠨ ᠤᠳᠬ᠎ᠠ ᠪᠠᠷ ᠨᠢ ᠠᠰᠢᠭᠯᠠᠬᠤ ᠪᠣᠯᠤᠮᠵᠢ ᠨᠡᠭᠡᠭᠡᠭ᠍ᠳᠡᠨ᠎ᠡ ᠭᠡᠳᠡᠭ ᠢ ᠬᠥᠷᠥᠩᠭᠡ ᠣᠷᠣᠭᠤᠯᠤᠭᠴᠢᠳ ᠠᠩᠬᠠᠷᠤᠯ ᠳᠤ ᠪᠠᠨ ᠠᠪᠤᠨ᠎ᠠ ᠤᠤ᠃

 

ᠳᠣᠲᠣᠭᠠᠳᠤ ᠠᠰᠠᠭᠤᠳᠠᠯ ᠤᠷᠤᠭᠤ ᠪᠠᠨ ᠰᠢᠯᠵᠢᠬᠦ  ᠳᠥ ᠵᠠᠰᠠᠭ ᠤᠨ ᠭᠠᠵᠠᠷ ᠲᠠᠲᠠᠪᠤᠷᠢ ᠢᠢᠨ ᠰᠢᠨᠡᠴᠢᠯᠡᠯ ᠬᠢᠬᠦ ᠲᠠᠯ᠎ᠠ ᠪᠠᠷ ᠰᠠᠨᠠᠭᠠᠴᠢᠯᠠᠭᠠᠳᠠᠢ ᠠᠵᠢᠯᠯᠠᠵᠤ ᠪᠠᠢᠢᠭ᠎ᠠ ᠴᠤ ᠲᠠᠲᠠᠪᠤᠷᠢ ᠢᠢᠨ ᠣᠷᠣᠯᠭ᠎ᠠ ᠢᠢ ᠨᠡᠮᠡᠭᠳᠡᠭᠦᠯᠬᠦ ᠪᠡᠯᠡᠬᠡᠨ ᠪᠣᠯᠤᠮᠵᠢ ᠨᠤᠭᠤᠳ ᠢ ᠠᠰᠢᠭᠯᠠᠬᠤ ᠦᠭᠡᠢ ᠪᠠᠢᠢᠨ᠎ᠠ᠃ ᠪᠢᠳᠡᠨ  ᠳᠥ ᠣᠷᠣᠯᠭ᠎ᠠ ᠢᠢᠨ ᠶᠠᠮᠠᠷ ᠪᠣᠯᠤᠮᠵᠢ ᠨᠤᠭᠤᠳ ᠪᠡᠯᠡᠨ ᠪᠠᠢᠢᠭ᠎ᠠ ᠪᠤᠢ ᠭᠡᠳᠡᠭ ᠢ ᠮᠥᠨ ᠲᠣᠭᠠᠴᠠᠭᠠᠯᠠᠬᠤ ᠬᠡᠷᠡᠭᠲᠡᠢ ᠪᠠᠢᠢᠨ᠎ᠠ᠃

 

ᠮᠠᠨ ᠤ ᠡᠺᠰᠫᠣᠷᠲ ᠤᠨ 96 ᠬᠤᠪᠢ ᠢ ᠶᠡᠷᠦ ᠳᠡᠭᠡᠨ 10 ᠨᠡᠷ᠎ᠡ ᠲᠥᠷᠥᠯ ᠦᠨ ᠲᠦᠭᠦᠬᠡᠢ ᠡᠳ᠋ ᠡᠵᠡᠯᠡᠵᠦ ᠪᠠᠢᠢᠨ᠎ᠠ᠃ ᠶᠠᠳᠠᠬᠤ ᠨᠢ ᠪᠠᠨ ᠬᠠᠭᠠᠰ ᠪᠣᠯᠪᠠᠰᠤᠷᠠᠭᠤᠯᠵᠤ᠂ ᠪᠠᠭ᠎ᠠ ᠵᠡᠷᠭᠡ ᠨᠡᠮᠡᠭᠦᠦ ᠥᠷᠲᠡᠭ ᠰᠢᠩᠭᠡᠭᠡᠬᠦ  ᠳᠥ ᠯᠠ ᠪᠣᠭᠣᠨᠢ ᠬᠤᠭᠤᠴᠠᠭᠠᠨ ᠳᠤ ᠪᠢᠳᠡ 30 ᠲᠡᠷᠪᠤᠮ ᠳ᠋ᠣᠯᠯᠠᠷ ᠤᠨ ᠡᠳ᠋ ᠍ ᠦᠨ ᠵᠠᠰᠠᠭ ᠲᠠᠢ ᠪᠣᠯᠵᠤ᠂ ᠬᠤᠷᠠᠮᠳᠤᠯᠠᠯ ᠡᠭᠦᠰᠭᠡᠬᠦ᠂ ᠳᠠᠷᠠᠭ᠎ᠠ ᠢᠢᠨ ᠱᠠᠲᠤᠨ ᠤ ᠬᠥᠷᠥᠩᠭᠡ ᠣᠷᠣᠭᠤᠯᠤᠯᠲᠠ ᠬᠢᠬᠦ ᠮᠥᠩᠭᠥ ᠲᠡᠢ ᠪᠣᠯᠬᠣ ᠪᠠᠷ ᠰᠤᠳᠤᠯᠭ᠎ᠠ ᠢᠢ ᠪᠢᠳᠡ ᠬᠢᠭ᠍ᠰᠡᠨ ᠪᠠᠢᠢᠭ᠎ᠠ᠃

 

ᠨᠢᠭᠡᠨᠲᠡ ᠲᠣᠬᠢᠷᠠᠯᠴᠠᠭᠰᠠᠨ ᠭᠤᠷᠪᠠᠨ ᠤᠯᠤᠰ ᠤᠨ ᠳᠡᠳ᠋ ᠪᠦᠲᠦᠴᠡ ᠢᠢᠨ ᠬᠣᠯᠪᠣᠭᠠᠰᠤ ᠨᠤᠭᠤᠳ᠂ ᠡᠳ᠋ ᠍ ᠦᠨ ᠵᠠᠰᠠᠭ ᠤᠨ ᠺᠣᠷᠢᠳᠣᠷ ᠢ ᠰᠠᠨᠠᠭᠠᠴᠢᠯᠠᠭᠠᠲᠠᠢ ᠪᠠᠷ ᠬᠥᠭᠡᠭᠡᠴᠡᠯᠳᠦᠭᠡᠳ ᠬᠡᠷᠡᠭᠵᠢᠭᠦᠯᠬᠦ  ᠳᠥ ᠣᠶᠤᠲᠣᠯᠣᠭᠠᠢ ᠠᠴᠠ ᠳᠤᠲᠠᠬᠤ ᠪᠠᠷ ᠦᠭᠡᠢ ᠬᠡᠮᠵᠢᠶᠡᠨ ᠦ ᠣᠷᠣᠯᠭ᠎ᠠ ᠣᠯᠬᠤ ᠪᠠᠷ ᠪᠠᠢᠢᠭ᠎ᠠ᠃ ᠣᠷᠣᠰ ᠤᠨ ᠬᠣᠯᠪᠣᠭᠠᠨ ᠤ ᠤᠯᠤᠰ ᠲᠠᠢ ᠲᠷᠠᠨ᠋ᠽᠢᠲ ᠲᠡᠭᠡᠭᠡᠪᠦᠷᠢ ᠢᠢᠨ ᠭᠡᠷ᠎ᠡ ᠵᠢᠷᠤᠬᠤ ᠳᠤ ᠪᠡᠯᠡᠨ ᠪᠣᠯᠤᠭᠰᠠᠨ᠃ ᠬᠢᠲᠠᠳ᠂ ᠣᠷᠣᠰ ᠢ ᠬᠣᠯᠪᠣᠭᠰᠠᠨ᠂ ᠴᠢᠨᠠᠭᠰᠢᠯᠠᠭᠠᠳ ᠧᠦ᠋ᠷᠣᠫᠠ ᠬᠢᠲᠠᠳ ᠢ ᠬᠣᠯᠪᠣᠭᠰᠠᠨ ᠲᠷᠠᠨ᠋ᠽᠢᠲ ᠲᠡᠭᠡᠭᠡᠪᠦᠷᠢ ᠢᠢ ᠬᠥᠭ᠍ᠵᠢᠭᠦᠯᠵᠦ ᠪᠠᠢᠢᠵᠤ ᠪᠢᠳᠡ ᠲᠦᠭᠦᠬᠡᠢ ᠡᠳ᠋ ᠍ ᠦᠨ ᠮᠥᠴᠡᠯᠭᠡ ᠳᠠᠭᠠᠭᠰᠠᠨ ᠡᠳ᠋ ᠍ ᠦᠨ ᠵᠠᠰᠠᠭ ᠠᠴᠠ ᠪᠠᠨ ᠠᠩᠭᠢᠵᠢᠷᠠᠨ᠎ᠠ ᠰᠢᠦ ᠳ᠋ᠡ᠃ ᠠᠽᠢᠶ᠎ᠠ ᠢᠢᠨ ᠳᠡᠳ᠋ ᠪᠦᠲᠦᠴᠡ ᠢᠢᠨ ᠬᠥᠷᠥᠩᠭᠡ ᠣᠷᠣᠭᠤᠯᠤᠯᠲᠠ ᠢᠢᠨ ᠪᠠᠩᠬᠢ ᠢᠢ ᠡᠭᠦᠰᠬᠡᠨ ᠪᠠᠢᠢᠭᠤᠯᠤᠭᠴᠢ 57 ᠣᠷᠣᠨ ᠤ ᠨᠢᠭᠡ ᠨᠢ ᠮᠣᠩᠭ᠋ᠣᠯ ᠪᠥᠭᠡᠳ ᠡᠨᠡ ᠰᠲ᠋ᠠᠲ᠋ᠦ᠋ᠰ ᠠᠰᠢᠭᠯᠠᠬᠤ ᠪᠣᠯᠤᠮᠵᠢ ᠨᠡᠭᠡᠭᠡᠯᠲᠡᠲᠡᠢ ᠪᠠᠢᠢᠭ᠎ᠠ᠃ ᠪᠥᠰᠡ ᠪᠠ ᠵᠠᠮ ᠬᠥᠲᠥᠯᠪᠦᠷᠢ ᠢᠢᠨ ᠠᠴᠢ ᠪᠠᠷ ᠳᠠᠯᠠᠢ ᠠᠴᠠ ᠬᠠᠭᠤᠷᠠᠢ ᠭᠠᠵᠠᠷ ᠲᠤ ᠡᠷᠭᠢᠨ ᠢᠷᠡᠵᠦ ᠪᠠᠢᠢᠭ᠎ᠠ ᠳᠡᠳ᠋ ᠪᠦᠲᠦᠴᠡ ᠢᠢᠨ ᠬᠥᠭ᠍ᠵᠢᠯ ᠳᠥ ᠮᠣᠩᠭ᠋ᠣᠯ ᠤᠨ ᠣᠷᠣᠯᠴᠠᠭ᠎ᠠ ᠢᠢ ᠢᠳᠡᠪᠬᠢᠲᠡᠢ᠂ ᠲᠣᠳᠣᠷᠬᠠᠢ ᠪᠣᠯᠭᠠᠬᠤ ᠠᠴᠠ ᠥᠭᠡᠷ᠎ᠡ ᠠᠷᠭ᠎ᠠ ᠪᠠᠢᠢᠬᠤ ᠦᠭᠡᠢ᠃ ᠴᠢᠬᠤᠮᠠ ᠡᠨᠳᠡ ᠯᠠ ᠪᠢᠳᠡᠨ ᠦ ᠭᠧᠣ᠋ ᠡᠳ᠋ ᠍ ᠦᠨ ᠵᠠᠰᠠᠭ ᠤᠨ ᠪᠣᠯᠤᠮᠵᠢ᠂ ᠣᠷᠣᠨ ᠵᠠᠢ ᠪᠠᠢᠢᠭ᠎ᠠ᠃

 

ᠮᠣᠩᠭ᠋ᠣᠯ ᠤᠯᠤᠰ ᠢ ᠦᠶ᠎ᠡ ᠢᠢᠨ ᠦᠶ᠎ᠡ  ᠳᠥ ᠲᠡᠵᠢᠭᠡᠵᠦ ᠲᠡᠳᠬᠦᠵᠦ ᠢᠷᠡᠭᠰᠡᠨ ᠬᠥᠳᠡᠭᠡ ᠠᠵᠤ ᠠᠬᠤᠢ᠂ ᠮᠠᠯ ᠠᠵᠤ ᠠᠬᠤᠢ ᠠᠴᠠ ᠤᠯᠬᠤ ᠣᠷᠣᠯᠭ᠎ᠠ ᠪᠠᠨ ᠶᠠᠭᠠᠬᠢᠪᠠᠯ ᠪᠠᠢᠢᠭᠠᠯᠢ ᠳᠤ ᠡᠭᠡᠯᠢᠲᠡᠢ ᠪᠡᠷ ᠥᠰᠬᠡᠬᠦ᠂ ᠲᠣᠭᠲᠠᠪᠤᠷᠢᠲᠠᠢ ᠪᠠᠢᠢᠯᠭᠠᠬᠤ ᠪᠤᠢ ᠭᠡᠳᠡᠭ ᠳᠡᠭᠡᠷ᠎ᠡ ᠰᠡᠳᠬᠢᠯ ᠢᠶᠡᠨ ᠴᠢᠯᠡᠭᠡᠵᠦ᠂ ᠰᠢᠢᠳᠦᠯ ᠢᠶᠡᠨ ᠤᠯᠬᠤ ᠶᠤᠮ ᠪᠣᠯ ᠦᠢ ᠣᠯᠠᠨ ᠠᠵᠢᠯ ᠤᠨ ᠪᠠᠢᠢᠷᠢ᠂ ᠦᠯᠡᠮᠵᠢ ᠬᠡᠮᠵᠢᠶᠡᠨ ᠦ ᠣᠷᠣᠯᠭ᠎ᠠ ᠪᠡᠯᠡᠨ ᠪᠠᠢᠢᠨ᠎ᠠ᠃

 

ᠭᠡᠪᠡᠴᠦ ᠥᠨᠥᠳᠥᠷ ᠡᠳᠡᠭᠡᠷ ᠢ ᠬᠢᠬᠦ ᠮᠥᠩᠭᠥ᠂ ᠮᠡᠳᠡᠯᠭᠡ ᠴᠢᠳᠠᠪᠤᠷᠢ ᠭᠡᠬᠦ ᠡᠴᠡ ᠪᠡᠨ ᠤᠯᠤᠰ ᠲᠥᠷᠥ ᠢᠢᠨ ᠴᠢᠩ ᠡᠷᠡᠮᠡᠯᠵᠡᠯ᠂ ᠵᠣᠷᠢᠭ ᠳᠤᠲᠠᠮᠠᠭ ᠪᠠᠢᠢᠨ᠎ᠠ᠃ ᠳᠠᠢᠢᠨ ᠤ ᠨᠤᠷᠮᠠᠨ ᠳᠤᠮᠳᠠᠬᠢ ᠡᠮᠦᠨᠡᠲᠦ ᠰᠣᠯᠣᠩᠭ᠋ᠣᠰ᠂ ᠳᠠᠯᠠᠢ ᠳᠤ ᠥᠨᠦᠴᠢᠷᠡᠭᠰᠡᠨ ᠰᠢᠩᠭ᠋ᠠᠫᠦᠢᠷ ᠢ ᠠᠽᠢᠶ᠎ᠠ ᠢᠢᠨ ᠲᠡᠷᠢᠭᠦᠯᠡᠬᠦ ᠡᠳ᠋ ᠍ ᠦᠨ ᠵᠠᠰᠠᠭ ᠤᠳ ᠪᠣᠯᠭᠠᠭᠰᠠᠨ ᠲᠡᠦᠬᠡ ᠢᠢ ᠬᠠᠷᠠᠬᠤ ᠳᠤ ᠲᠡᠳᠡᠨ  ᠳᠥ ᠮᠥᠩᠭᠥ᠂ ᠪᠣᠯᠤᠮᠵᠢ᠂ ᠮᠡᠳᠡᠯᠭᠡ ᠴᠢᠳᠠᠪᠤᠷᠢ ᠪᠠᠢᠢᠭ᠎ᠠ ᠦᠭᠡᠢ᠃ ᠭᠠᠭᠴᠠᠬᠦ ᠠᠤᠭ᠎ᠠ ᠲᠡᠮᠡᠦᠯᠡᠯ᠂ ᠴᠢᠩ ᠰᠡᠳᠬᠢᠯ᠂ ᠡᠷ᠎ᠡ ᠵᠣᠷᠢᠭ ᠯᠠ ᠪᠠᠢᠢᠭᠰᠠᠨ ᠪᠠᠢᠢᠳᠠᠭ᠃

 

ᠳᠤᠮᠳᠠᠳᠤ ᠵᠠᠭᠤᠨ ᠤ ᠰᠡᠳᠬᠢᠭ᠍ᠴᠢ ᠨᠢᠺᠺᠣᠯᠣ᠋ ᠮᠠᠬᠢᠶᠠᠸᠧᠯᠯᠢ ᠤᠯᠤᠰ ᠣᠷᠣᠨ ᠨᠤᠭᠤᠳ ᠤᠨ ᠠᠮᠵᠢᠯᠲᠠ ᠳᠤ ᠬᠦᠷᠬᠦ  ᠳᠥ ᠨᠥᠯᠦᠭᠡᠯᠡᠳᠡᠭ ᠭᠤᠷᠪᠠᠨ ᠬᠦᠴᠦᠨ ᠵᠦᠢᠯ ᠢ ᠲᠣᠳᠣᠷᠬᠠᠢᠢᠯᠠᠵᠠᠢ᠃ ᠡᠨᠡ ᠨᠢ᠄

 

  • ᠸᠢᠷᠲᠦ᠋ (Virtu) ᠪᠤᠶᠤ ᠡᠷᠬᠡ ᠪᠠᠷᠢᠭᠴᠢᠳ ᠤᠨ ᠡᠷ᠎ᠡ ᠵᠣᠷᠢᠭ᠂ ᠰᠢᠢᠳᠮᠡᠭᠡᠢ ᠪᠠᠢᠢᠳᠠᠯ
  • ᠨᠧᠰᠧᠰᠧᠲ᠋ᠠ (Necessita) ᠪᠤᠶᠤ ᠬᠡᠷᠡᠭᠲᠡᠢ ᠱᠠᠭᠠᠷᠳᠠᠯᠭ᠎ᠠ ᠲᠠᠢ ᠭᠡᠵᠦ ᠲᠣᠭᠠᠴᠠᠭᠰᠠᠨ ᠵᠦᠢᠯᠡᠰ ᠢ ᠬᠡᠷᠡᠭᠵᠢᠭᠦᠯᠬᠦ ᠤᠳᠤᠷᠢᠳᠤᠭᠴᠢᠳ ᠤᠨ ᠬᠦᠰᠡᠯ ᠡᠷᠡᠮᠡᠯᠵᠡᠯ᠃
  • ᠹᠣᠷᠲᠤᠢᠨᠠ (Fortuna) ᠪᠤᠶᠤ ᠠᠵᠠ ᠬᠡᠢᠢᠮᠣᠷᠢ ᠶᠤᠮ᠃

ᠡᠷᠡᠰ ᠰᠢᠢᠳᠮᠡᠭᠡᠢ᠂ ᠵᠣᠷᠢᠭ ᠲᠠᠢ᠂ ᠱᠠᠭᠠᠷᠳᠠᠯᠭ᠎ᠠ ᠲᠠᠢ ᠭᠡᠵᠦ ᠦᠵᠡᠭᠰᠡᠨ ᠵᠦᠢᠯ ᠢᠶᠡᠨ ᠬᠡᠷᠡᠭᠵᠢᠭᠦᠯᠬᠦ ᠴᠢᠳᠠᠪᠤᠷᠢ ᠲᠠᠢ ᠤᠯᠤᠰ ᠲᠥᠷᠦᠴᠢ ᠯᠠ ᠠᠵᠠ ᠬᠡᠢᠢᠮᠣᠷᠢ ᠲᠠᠢ ᠪᠠᠢᠢᠵᠤ ᠤᠯᠤᠰ ᠣᠷᠣᠨ ᠢᠶᠠᠨ ᠠᠮᠵᠢᠯᠲᠠ ᠳᠤ ᠬᠥᠲᠥᠯᠡᠳᠡᠭ ᠪᠣᠯᠬᠤ ᠢᠢ ᠮᠠᠬᠢᠶᠠᠸᠧᠯᠯᠢ ᠬᠡᠯᠡᠭᠰᠡᠨ ᠪᠣᠯᠪᠠ ᠤᠤ᠃ ᠥᠨᠥᠳᠥᠷ ᠮᠣᠩᠭ᠋ᠣᠯ ᠤᠯᠤᠰ ᠲᠤ᠂ ᠮᠣᠩᠭ᠋ᠣᠯ ᠤᠨ ᠡᠳ᠋ ᠍ ᠦᠨ ᠵᠠᠰᠠᠭ ᠲᠤ ᠳᠤᠲᠠᠭᠳᠠᠵᠤ ᠪᠠᠢᠢᠭ᠎ᠠ ᠵᠦᠢᠯ ᠪᠣᠯ ᠶᠡᠷᠦ ᠳᠡᠭᠡᠨ ᠯᠠ ᠡᠨᠡ᠃ ᠡᠷᠬᠡ ᠪᠠᠷᠢᠭᠴᠢ ᠡᠨᠡ ᠵᠠᠰᠠᠭ ᠲᠤ ᠦᠨᠳᠦᠰᠦᠨ ᠳᠥ ᠪᠡᠨ ᠨᠢᠭᠡ ᠵᠢᠯ ᠬᠠᠭᠠᠰ ᠤᠨ ᠬᠤᠭᠤᠴᠠᠭ᠎ᠠ ᠦᠯᠡᠳᠡᠯ᠎ᠡ᠃ ᠣᠳᠣ ᠰᠢᠢᠳᠦᠭᠡᠳ ᠬᠢᠬᠦ᠂ ᠪᠦᠲᠦᠭᠡᠬᠦ ᠴᠠᠭ ᠪᠠᠢᠢᠨ᠎ᠠ ᠤᠤ᠂ ᠭᠡᠳᠡᠭ ᠢ ᠪᠢᠳᠡ ᠪᠣᠳᠣᠬᠤ ᠬᠡᠷᠡᠭᠲᠡᠢ᠃

 

ᠮᠣᠩᠭ᠋ᠣᠯ ᠤᠨ ᠡᠳ᠋ ᠍ ᠦᠨ ᠵᠠᠰᠠᠭ ᠤᠨ ᠴᠢᠭᠤᠯᠭᠠᠨ ᠨᠠᠢᠢᠮᠠᠨ ᠵᠢᠯ ᠵᠣᠬᠢᠶᠠᠭᠳᠠᠯ᠎ᠠ᠃ ᠡᠨᠳᠡ ᠵᠢᠯ ᠪᠦᠷᠢ ᠬᠡᠳᠦᠨ ᠬᠦᠮᠦᠨ ᠴᠤᠭᠯᠠᠭᠠᠳ ᠬᠠᠨᠲᠠᠯ᠎ᠠ ᠪᠠᠨ ᠰᠡᠴᠡᠷᠬᠡᠵᠦ᠂ ᠤᠬᠠᠭᠠᠯᠢᠭ ᠳᠦᠷᠢ ᠡᠰᠬᠡᠵᠦ ᠪᠠᠢᠢᠭᠠᠳ ᠲᠠᠷᠠᠳᠠᠭ ᠢᠶᠠᠨ ᠪᠣᠯᠢᠮᠠᠷ ᠪᠠᠢᠢᠨ᠎ᠠ᠃ ᠪᠣᠳᠠᠲᠠᠢ ᠲᠥᠰᠥᠯ᠂ ᠦᠷ᠎ᠡ ᠳ᠋ᠦᠩ ᠲᠡᠢ ᠬᠡᠯᠡᠯᠴᠡᠭᠦᠯᠭᠡ᠂ ᠬᠡᠷᠡᠭᠵᠢᠬᠦ ᠪᠣᠯᠤᠮᠵᠢᠲᠤ ᠰᠢᠢᠳᠦᠯ ᠦᠳ ᠢ ᠯᠠ ᠲᠣᠭᠣᠷᠢᠵᠤ ᠶᠠᠷᠢᠬᠤ᠂ ᠬᠡᠷᠡᠭᠵᠢᠭᠦᠯᠬᠦ  ᠳᠥ ᠲᠤᠯᠭᠠᠷᠴᠤ ᠪᠠᠢᠢᠭ᠎ᠠ ᠪᠡᠷᠬᠡᠰᠢᠶᠡᠯ ᠦᠳ ᠢ ᠬᠠᠮᠲᠤ ᠢᠢᠨ ᠬᠦᠴᠤ ᠪᠡᠷ ᠳᠠᠪᠠᠬᠤ᠂ ᠠᠷᠢᠯᠭᠠᠬᠤ ᠲᠠᠯ᠎ᠠ ᠪᠠᠷ ᠯᠠ ᠢᠯᠡᠭᠦᠦ ᠲᠡᠢ ᠶᠠᠷᠢᠯᠴᠠᠭᠠᠰᠠᠢ ᠭᠡᠵᠦ ᠬᠦᠰᠡᠬᠦ ᠪᠠᠢᠢᠨ᠎ᠠ᠃

 

ᠪᠣᠳᠠᠲᠤ ᠡᠳ᠋ ᠍ ᠦᠨ ᠵᠠᠰᠠᠭ ᠨᠢ ᠣᠨᠣᠯ ᠤᠨ ᠲᠣᠳᠣᠷᠬᠠᠢᠢᠯᠠᠯᠲᠠ᠂ ᠰᠡᠴᠡᠨ ᠴᠡᠯᠮᠡᠭ ᠳ᠋ᠦᠩᠨᠡᠯᠲᠡ ᠭᠡᠬᠦ ᠡᠴᠡ ᠪᠡᠨ ᠤᠯᠤᠰ ᠲᠥᠷᠥ ᠢᠢᠨ ᠡᠷ᠎ᠡ ᠵᠣᠷᠢᠭ᠂ ᠤᠯᠤᠰ ᠲᠥᠷᠥ ᠢᠢᠨ ᠰᠢᠢᠳᠮᠡᠭᠡᠢ ᠪᠠᠢᠢᠳᠠᠯ ᠠᠴᠠ ᠢᠯᠡᠭᠦᠦ ᠲᠡᠢ ᠬᠠᠮᠢᠶᠠᠷᠳᠠᠭ ᠢ ᠡᠨᠳᠡ ᠳᠠᠬᠢᠨ ᠬᠡᠯᠡᠶ᠎ᠡ᠃ ᠥᠨᠥᠳᠥᠷ ᠮᠣᠩᠭ᠋ᠣᠯ ᠳᠤ ᠨᠣᠮ ᠲᠠᠢ ᠰᠡᠴᠡᠨ ᠨᠢ ᠣᠯᠠᠨ ᠪᠣᠯᠵᠤ᠂ ᠵᠣᠷᠢᠭᠲᠠᠢ ᠰᠢᠢᠳᠦᠯ ᠬᠢᠳᠡᠭ ᠨᠢ ᠬᠣᠮᠰᠠ ᠪᠣᠯᠤᠭᠰᠠᠨ ᠴᠠᠭ᠃

 

ᠡᠨᠡ ᠤᠯᠤᠰ ᠣᠷᠣᠨ᠂ ᠠᠷᠠᠳ ᠲᠦᠮᠡᠨ ᠦ ᠲᠥᠯᠥᠭᠡ ᠥᠨᠥᠳᠥᠷ ᠯᠠ ᠨᠢᠷᠤᠭᠤ ᠢᠢ ᠪᠠᠨ ᠪᠥᠭ᠍ᠲᠦᠢᠢᠯᠭᠡᠵᠦ᠂ ᠬᠤᠷᠤᠭᠤ ᠢᠢ ᠪᠠᠨ ᠬᠥᠳᠡᠯᠭᠡᠵᠦ᠂ ᠰᠡᠳᠬᠢᠯ ᠢᠶᠡᠨ ᠴᠢᠯᠡᠭᠡᠵᠦ ᠴᠢᠳᠠᠬᠤ ᠦᠭᠡᠢ ᠪᠣᠯ ᠴᠢᠨᠠᠭᠰᠢᠳᠠ ᠰᠣᠩᠭ᠋ᠣᠭᠴᠢᠳ᠂ ᠠᠷᠠᠳ ᠲᠦᠮᠡᠨ ᠳᠡᠮᠵᠢᠭᠡᠳ᠂ ᠲᠡᠪᠴᠢᠭᠡᠳ ᠪᠠᠢᠢᠬᠤ ᠪᠠᠷ ᠦᠭᠡᠢ ᠲᠡᠢᠢᠮᠦ ᠵᠠᠭᠠᠭ ᠲᠤ ᠢᠷᠡᠴᠢᠬᠡᠭᠡᠳ ᠪᠠᠢᠢᠭ᠎ᠠ ᠢᠢ ᠤᠬᠠᠮᠰᠠᠷᠯᠠᠬᠤ ᠴᠢᠳᠠᠪᠤᠷᠢ ᠹᠣᠷᠤᠢᠮ ᠤᠨ ᠨᠡᠢᠢᠲᠡ ᠣᠷᠣᠯᠴᠠᠭᠴᠢᠳ ᠲᠤ ᠪᠠᠢᠢᠭ᠎ᠠ ᠭᠡᠵᠦ ᠨᠠᠢᠢᠳᠠᠶ᠎ᠠ᠃

 

ᠡᠳ᠋ ᠍ ᠦᠨ ᠵᠠᠰᠠᠭ ᠤᠨ ᠹᠣᠷᠤᠢᠮ ᠤᠨ ᠦᠢᠯᠡ ᠠᠵᠢᠯᠯᠠᠭᠠᠨ ᠳᠤ ᠠᠮᠵᠢᠯᠲᠠ ᠬᠦᠰᠡᠶ᠎ᠡ᠃

 

ᠬᠠᠮᠤᠭ ᠪᠦᠬᠦᠨ ᠭᠡᠢᠢᠬᠦ ᠪᠣᠯᠲᠤᠭᠠᠢ᠃ ᠮᠥᠩᠬᠡ ᠲᠩᠷᠢ ᠪᠢᠳᠡᠨ ᠢ ᠢᠪᠡᠭᠡᠭ᠌》 ᠭᠡᠪᠡ᠃