Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠶᠡᠬᠡ ᠪᠷᠢᠲ᠋ᠠᠨ᠂ ᠤᠮᠠᠷᠠᠲᠤ ᠢᠷᠯᠠᠨᠳ᠋ ᠍ ᠤᠨ ᠨᠢᠭᠡᠳᠦᠭᠰᠡᠨ ᠬᠠᠭᠠᠨᠲᠤ ᠤᠯᠤᠰ ᠍ ᠤᠨ ᠴᠣᠭ ᠵᠢᠪᠬᠤᠯᠠᠩᠲᠤ ᠬᠠᠭᠠᠨ ᠭᠤᠷᠪᠠᠳᠤᠭᠠᠷ ᠴᠠᠷᠯᠢᠽ ᠢ ᠬᠠᠭᠠᠨ ᠰᠡᠩᠲᠡᠢ ᠳᠤ ᠵᠠᠯᠠᠬᠤ ᠲᠥᠷᠦ ᠢᠢᠨ ᠶᠣᠰᠣᠯᠠᠯ ᠳᠤ ᠣᠷᠣᠯᠴᠠᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠡᠷᠭᠡᠢ ᠯᠤᠪᠰᠠᠩᠳᠣᠷᠵᠢ ᠢᠢᠨ ᠪᠣᠯᠣᠷᠴᠡᠴᠡᠭ ᠦᠨ ᠬᠠᠮᠲᠤ 2023 ᠣᠨ ᠤ 05 ᠳ᠋ᠤᠭᠠᠷ ᠰᠠᠷ᠎ᠠ ᠢᠢᠨ 06 ᠍ ᠤ ᠡᠳᠦᠷ ᠯᠣᠨ᠋ᠳᠣᠨ ᠬᠣᠲᠠᠨ᠎ᠠ ᠪᠣᠯᠬᠤ
ᠶᠡᠬᠡ ᠪᠷᠢᠲ᠋ᠠᠨ᠂ ᠤᠮᠠᠷᠠᠲᠤ ᠢᠷᠯᠠᠨᠳ᠋ ᠍ ᠤᠨ ᠨᠢᠭᠡᠳᠦᠭᠰᠡᠨ ᠬᠠᠭᠠᠨᠲᠤ ᠤᠯᠤᠰ ᠤᠨ ᠴᠣᠭ ᠵᠢᠪᠬᠤᠯᠠᠩᠲᠤ ᠬᠠᠭᠠᠨ ᠭᠤᠷᠪᠠᠳᠤᠭᠠᠷ ᠴᠠᠷᠯᠢᠽ ᠢ ᠬᠠᠭᠠᠨ ᠰᠡᠩᠲᠡᠢ ᠳᠤ ᠵᠠᠯᠠᠬᠤ ᠲᠥᠷᠦ ᠢᠢᠨ ᠶᠣᠰᠣᠯᠠᠯ ᠳᠤ ᠣᠷᠣᠯᠴᠠᠨ᠎ᠠ᠃

ᠲᠥᠷᠦ ᠢᠢᠨ ᠶᠣᠰᠣᠯᠠᠯ ᠤᠨ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠴᠣᠭ ᠵᠢᠪᠬᠤᠯᠠᠩᠲᠤ ᠬᠠᠭᠠᠨ ᠭᠤᠷᠪᠠᠳᠤᠭᠠᠷ ᠴᠠᠷᠯᠢᠽ  ᠲᠠᠢ ᠠᠭᠤᠯᠵᠠᠵᠤ᠂ ᠮᠣᠩ᠋ᠭᠣᠯ ᠤᠨ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠬᠠᠭᠠᠨ ᠤ ᠭᠡᠷ ᠪᠦᠯᠢ ᠪᠣᠯᠤᠨ ᠪᠷᠢᠲ᠋ᠠᠨ ᠤᠨ ᠠᠷᠠᠳ ᠲᠦᠮᠡᠨ ᠳᠤ ᠪᠠᠶᠠᠷ ᠬᠦᠷᠭᠡᠨ᠎ᠡ᠃

ᠴᠣᠭ ᠵᠢᠪᠬᠤᠯᠠᠩᠲᠤ ᠬᠠᠭᠠᠨ ᠢ ᠰᠡᠩᠲᠡᠢ ᠳᠤ ᠵᠠᠯᠠᠬᠤ ᠲᠥᠷᠦ ᠢᠢᠨ ᠶᠣᠰᠣᠯᠠᠯ ᠳᠤ ᠭᠠᠳᠠᠭᠠᠳᠤ ᠢᠢᠨ ᠤᠯᠤᠰ ᠣᠷᠣᠨ ᠤ ᠲᠥᠷᠦ᠂ ᠵᠠᠰᠠᠭ ᠤᠨ 2000 ᠭᠠᠷᠤᠢ ᠲᠥᠯᠦᠭᠡᠯᠡᠭᠴᠢ ᠣᠷᠣᠯᠴᠠᠨ᠎ᠠ᠃

ᠮᠣᠩ᠋ᠭᠣᠯ᠂ ᠪᠷᠢᠲ᠋ᠠᠠ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 60 ᠵᠢᠯ ᠦᠨ ᠣᠢ ᠡᠨᠡ ᠣᠨ ᠳᠤ ᠲᠣᠬᠢᠶᠠᠵᠤ ᠪᠠᠢᠢᠨ᠎ᠠ᠃

ᠮᠣᠩ᠋ᠭᠣᠯ ᠤᠯᠤᠰ ᠪᠷᠢᠲ᠋ᠠᠨ ᠤᠯᠤᠰ ᠲᠠᠢ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠲᠠᠢ ᠪᠥᠭᠡᠳ ᠪᠷᠢᠲ᠋ᠠᠨ ᠨᠢ ᠪᠠᠷᠠᠭᠤᠨ ᠤ ᠣᠷᠣᠨ ᠨᠤᠭᠤᠳ ᠠᠴᠠ ᠬᠠᠮᠤᠭ ᠤᠨ ᠲᠦᠷᠦᠭᠦᠨ ᠳᠤ ᠮᠠᠨ ᠤ ᠤᠯᠤᠰ ᠲᠠᠢ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ᠂ ᠠᠷᠠᠳᠴᠢᠯᠠᠯ ᠰᠢᠨᠡᠴᠢᠯᠡᠯᠲᠡ ᠢᠢᠨ ᠦᠢᠯᠡ ᠶᠠᠪᠤᠴᠠ ᠢᠢ ᠡᠬᠢᠨ ᠡᠴᠡ ᠨᠢ ᠳᠡᠮᠵᠢᠵᠦ ᠢᠷᠡᠭᠰᠡᠨ ᠤᠯᠤᠰ ᠶᠤᠮ᠃