ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠭᠡᠷᠭᠡᠢ ᠯᠤᠪᠰᠠᠩᠳᠣᠷᠵᠢ ᠢᠢᠨ ᠪᠣᠯᠣᠷᠴᠡᠴᠡᠭ ᠦᠨ ᠬᠠᠮᠲᠤ ᠯᠣᠨ᠋ᠳᠣᠨ ᠬᠣᠲᠠ ᠢᠢᠨ ᠸᠡᠰᠲ᠋ᠮᠢᠨᠰᠲ᠋ᠧᠷ ᠦᠨ ᠰᠦᠮ᠎ᠡ ᠳᠤ ᠶᠡᠬᠡ ᠪᠷᠢᠲ᠋ᠠᠨ᠂ ᠤᠮᠠᠷᠠᠲᠤ ᠢᠷᠯᠠᠨᠳ᠋ ᠍ ᠤᠨ ᠨᠢᠭᠡᠳᠦᠭᠰᠡᠨ ᠬᠠᠭᠠᠨᠲᠤ ᠤᠯᠤᠰ ᠍ ᠤᠨ ᠴᠣᠭ ᠵᠢᠪᠬᠤᠯᠠᠩᠲᠤ ᠬᠠᠭᠠᠨ ᠭᠤᠷᠪᠠᠳᠤᠭᠠᠷ ᠴᠠᠷᠯᠢᠽ ᠪᠣᠯᠤᠨ ᠬᠠᠭᠠᠨ ᠤ ᠬᠠᠲᠤᠨ ᠺᠠᠮᠢᠯᠯᠠ ᠨᠠᠷ ᠢ ᠬᠠᠭᠠᠨ ᠰᠡᠩᠲᠡᠢ ᠳᠤ ᠵᠠᠯᠠᠬᠤ ᠲᠥᠷᠦ ᠢᠢᠨ ᠶᠣᠰᠣᠯᠠᠯ ᠳᠤ ᠣᠷᠣᠯᠴᠠᠵᠤ ᠪᠠᠢᠢᠨ᠎ᠠ᠃
ᠮᠣᠩ᠋ᠭᠣᠯ ᠤᠯᠤᠰ ᠤᠨ ᠲᠥᠷᠥ ᠢᠢᠨ ᠲᠡᠷᠢᠭᠦᠨ ᠶᠡᠬᠡ ᠪᠷᠢᠲ᠋ᠠᠨ᠂ ᠤᠮᠠᠷᠠᠲᠤ ᠢᠷᠯᠠᠨᠳ᠋ ᠍ ᠤᠨ ᠨᠢᠭᠡᠳᠦᠭᠰᠡᠨ ᠬᠠᠭᠠᠨᠲᠤ ᠤᠯᠤᠰ ᠍ ᠤᠨ ᠴᠣᠭ ᠵᠢᠪᠬᠤᠯᠠᠩᠲᠤ ᠬᠠᠭᠠᠨ ᠤ ᠤᠷᠢᠯᠭ᠎ᠠ ᠪᠠᠷ ᠬᠠᠭᠠᠨ ᠰᠡᠩᠲᠡᠢ ᠳᠤ ᠵᠠᠯᠠᠬᠤ ᠲᠥᠷᠥ ᠢᠢᠨ ᠶᠣᠰᠣᠯᠠᠯ ᠳᠤ ᠠᠩᠬ᠎ᠠ ᠤᠳᠠᠭ᠎ᠠ ᠣᠷᠣᠯᠴᠠᠵᠤ ᠪᠠᠢᠢᠭ᠎ᠠ ᠶᠤᠮ᠃
ᠡᠨᠡᠬᠦ ᠦᠢᠯᠡ ᠠᠵᠢᠯᠯᠠᠭ᠎ᠠ ᠨᠢ 1000 ᠭᠠᠷᠤᠢ ᠵᠢᠯ ᠦᠨ ᠥᠨᠢ ᠡᠷᠲᠡᠨ ᠦ ᠲᠡᠦᠬᠡ ᠲᠡᠢ ᠥᠪᠡᠷᠮᠢᠴᠡ ᠵᠠᠩ ᠦᠢᠯᠡ ᠪᠦᠬᠦᠢ ᠲᠥᠷᠦ᠂ ᠱᠠᠰᠢᠨ᠂ ᠰᠣᠶᠣᠯ ᠢ ᠬᠣᠣᠰᠯᠠᠭᠤᠯᠤᠭᠰᠠᠨ ᠶᠣᠰᠣᠯᠠᠯ ᠪᠥᠭᠡᠳ ᠬᠠᠭᠠᠨ ᠭᠤᠷᠪᠠᠳᠤᠭᠠᠷ ᠴᠠᠷᠯᠢᠽ 1066 ᠣᠨ ᠠᠴᠠ ᠬᠣᠢᠢᠰᠢ ᠸᠡᠰᠲ᠋ᠮᠢᠨᠰᠲ᠋ᠧᠷ ᠦᠨ ᠰᠦᠮ᠎ᠡ ᠳᠤ ᠬᠠᠭᠠᠨ ᠰᠡᠩᠲᠡᠢ ᠳᠤ ᠵᠠᠯᠠᠷᠠᠵᠤ ᠪᠤᠢ 40 ᠳ᠋ᠡᠬᠢ ᠬᠠᠭᠠᠨ ᠪᠣᠯᠵᠤ ᠪᠠᠢᠢᠨ᠎ᠠ᠃
ᠬᠠᠭᠠᠨ ᠭᠤᠷᠪᠠᠳᠤᠭᠠᠷ ᠴᠠᠷᠯᠢᠽ ᠢ ᠬᠠᠭᠠᠨ ᠰᠡᠩᠲᠡᠢ ᠳᠤ ᠡᠷᠲᠡᠨ ᠦ ᠤᠯᠠᠮᠵᠢᠯᠠᠯ ᠤᠨ ᠳᠠᠭᠠᠭᠤ ᠵᠠᠯᠠᠵᠤ ᠪᠤᠢ ᠨᠢ ᠬᠠᠲᠤᠨ ᠬᠠᠭᠠᠨ ᠬᠣᠶᠠᠳᠤᠭᠠᠷ ᠡᠯᠢᠽᠠᠪᠧᠲ ᠤᠨ 70 ᠵᠢᠯ ᠦᠨ ᠵᠠᠰᠠᠭᠯᠠᠯ ᠤᠨ ᠳᠠᠷᠠᠭᠠᠬᠢ ᠰᠢᠨ᠎ᠡ ᠡᠷᠢᠨ ᠢ ᠡᠬᠢᠯᠡᠭᠦᠯᠵᠦ᠂ ᠢᠷᠡᠭᠡᠳᠦᠢ ᠢᠢ ᠪᠡᠯᠡᠭᠳᠡᠵᠦ ᠪᠤᠢ ᠢᠢ ᠪᠤᠺᠢᠨ᠋ᠾᠧᠮ ᠦᠨ ᠣᠷᠳᠣᠨ ᠠᠴᠠ ᠮᠡᠳᠡᠭᠳᠡᠭᠰᠡᠨ ᠶᠤᠮ᠃
ᠬᠠᠭᠠᠨ ᠰᠡᠩᠲᠡᠢ ᠳᠤ ᠵᠠᠯᠠᠬᠤ ᠲᠥᠷᠦ ᠢᠢᠨ ᠶᠣᠰᠣᠯᠠᠯ ᠳᠤ ᠬᠠᠭᠠᠨ ᠤ ᠭᠡᠷ ᠪᠦᠯᠢ᠂ ᠭᠠᠳᠠᠭᠠᠳᠤ ᠢᠢᠨ ᠤᠯᠤᠰ ᠣᠷᠣᠨ ᠤ ᠲᠥᠷᠦ᠂ ᠵᠠᠰᠠᠭ ᠤᠨ ᠲᠡᠷᠢᠭᠦᠨ ᠵᠡᠷᠭᠡ 2᠂000 ᠣᠷᠴᠢᠮ ᠳᠡᠭᠡᠳᠦ᠂ ᠥᠨᠳᠦᠷ ᠬᠡᠮᠵᠢᠶᠡᠨ ᠦ ᠵᠣᠴᠢᠳ ᠣᠷᠣᠯᠴᠠᠪᠠ᠃
ᠮᠣᠩ᠋ᠭᠣᠯ ᠤᠯᠤᠰ ᠪᠷᠢᠲ᠋ᠠᠨ ᠤᠯᠤᠰ ᠲᠠᠢ ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠲᠠᠢ ᠪᠥᠭᠡᠳ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 60 ᠵᠢᠯ ᠦᠨ ᠣᠢ ᠡᠨᠡ ᠣᠨ ᠳᠤ ᠲᠣᠬᠢᠶᠠᠵᠤ ᠪᠠᠢᠢᠨ᠎ᠠ᠃
ᠮᠣᠩ᠋ᠭᠣᠯ ᠤᠯᠤᠰ 1969 ᠣᠨ ᠳᠤ ᠯᠣᠨ᠋ᠳᠣᠨ ᠳᠤ ᠡᠯᠴᠢᠨ ᠰᠠᠢᠢᠳ ᠤᠨ ᠶᠠᠮᠤᠨ ᠢᠢᠠᠨ ᠨᠡᠭᠡᠭᠡᠭ᠍ᠰᠡᠨ ᠪᠣᠯ ᠪᠷᠢᠲ᠋ᠠᠨ ᠤᠯᠤᠰ 1964 ᠣᠨ ᠳᠤ ᠤᠯᠠᠭᠠᠨᠪᠠᠭᠠᠲᠤᠷ ᠬᠣᠲᠠ ᠳ᠋ᠤ ᠡᠯᠴᠢᠨ ᠰᠠᠢᠢᠳ ᠤᠨ ᠶᠠᠮᠤᠨ ᠢᠢᠠᠨ ᠨᠡᠭᠡᠭᠡᠭ᠍ᠰᠡᠨ᠃