ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠴᠢᠩᠭᠢᠰ ᠬᠠᠭᠠᠨ ᠤ ᠣᠳᠣᠨᠳᠤ᠂ ᠲᠥᠷᠥ ᠢᠢᠨ ᠱᠠᠩᠨᠠᠯᠲᠤ ᠬᠥᠭ᠍ᠵᠢᠮ ᠦᠨ ᠵᠣᠬᠢᠶᠠᠯᠴᠢ ᠪ ∙ ᠰᠢᠷᠠᠪ ᠢ ᠥᠨᠥᠳᠥᠷ ᠬᠦᠯᠢᠶᠡᠨ ᠠᠪᠴᠤ ᠠᠭᠤᠯᠵᠠᠵᠤ᠂ ᠤᠷᠠᠨ ᠪᠦᠲᠦᠭᠡᠯ ᠦᠨ ᠬᠢ ᠨᠢ ᠲᠠᠯ᠎ᠠ ᠪᠠᠷ ᠶᠠᠷᠢᠯᠴᠠᠯ᠎ᠠ᠃
ᠲᠡᠭᠦᠨ ᠦ 1987 ᠣᠨ ᠳᠤ ᠵᠣᠬᠢᠶᠠᠭᠰᠠᠨ ᠠᠯᠳᠠᠷᠲᠤ ᠬᠣᠶᠠᠳᠤᠭᠠᠷ ᠰᠢᠮᠹᠣᠨᠢ ᠨᠢ 《ᠰᠣᠩᠭ᠋ᠣᠳᠠᠭ ᠬᠥᠭ᠍ᠵᠢᠮ ᠦᠨ ᠣᠯᠠᠨ ᠤᠯᠤᠰ ᠤᠨ ᠭᠤᠷᠪᠠᠳᠤᠭᠠᠷ ᠶᠡᠬᠡ ᠨᠠᠭᠠᠳᠤᠮ》 ᠍ ᠢᠢᠨ ᠦᠶ᠎ᠡ ᠪᠡᠷ ᠳ ∙ ᠳ ∙ ᠱᠣᠰᠲ᠋ᠠᠺᠣᠸᠢᠴ ᠤᠨ ᠨᠡᠷᠡᠮᠵᠢᠲᠦ ᠯᠧᠨᠢᠩᠷᠠᠳ᠋ ᠍ ᠤᠨ ᠹᠢᠯᠠᠷᠮᠣᠨᠢ ᠢᠢᠨ ᠲᠠᠢᠢᠵᠠᠨᠠ 1988 ᠣᠨ ᠤ ᠲᠠᠪᠤᠳᠤᠭᠠᠷ ᠰᠠᠷ᠎ᠠ ᠢᠢᠨ 22 ᠍ ᠳᠤ ᠡᠭᠡᠰᠢᠭᠯᠡᠭᠰᠡᠨ ᠦ 30 ᠵᠢᠯ ᠦᠨ ᠣᠢ ᠥᠨᠥᠳᠥᠷ ᠲᠣᠬᠢᠶᠠᠵᠤ ᠪᠠᠢᠢᠭ᠎ᠠ ᠶᠤᠮ ᠪᠠᠢᠢᠨ᠎ᠠ᠃ ᠡᠨᠡ ᠣᠢ ᠢᠢ ᠲᠣᠬᠢᠶᠠᠯᠳᠤᠭᠤᠯᠤᠨ ᠥᠨᠥᠳᠥᠷ ᠳᠠᠭᠤᠷᠢ᠍ ᠪᠦᠵᠦᠭ ᠤᠨ ᠡᠷᠳᠡᠮ ᠦᠨ ᠲᠢᠶᠡᠲ᠋ᠷ ᠲᠠᠢᠢᠵᠠᠨᠠ ᠤᠭ ᠠᠯᠳᠠᠷᠲᠤ ᠰᠢᠮᠹᠣᠨᠢ ᠢᠢ ᠲᠣᠭᠯᠠᠬᠤ ᠶᠤᠮ ᠪᠠᠢᠢᠨ᠎ᠠ᠃
ᠠᠭᠤᠯᠵᠠᠯᠲᠠ ᠢᠢᠨ ᠦᠶ᠎ᠡ ᠪᠡᠷ ᠮᠣᠩᠭ᠋ᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠡᠭᠦᠨ ᠦ ᠡᠨᠡᠬᠦ ᠠᠯᠳᠠᠷᠲᠤ ᠬᠣᠶᠠᠳᠤᠭᠠᠷ ᠰᠢᠮᠹᠣᠨᠢ ᠢᠢ ᠲᠣᠭᠯᠠᠵᠤ ᠪᠠᠢᠢᠭ᠎ᠠ ᠶᠠᠮᠠᠷ ᠨᠢᠭᠡᠨ ᠳᠦᠷᠰᠦ ᠪᠢᠴᠢᠯᠭᠡ ᠦᠯᠳᠡᠭᠡ ᠦᠭᠡᠢ ᠳᠥ ᠠᠩᠬᠠᠷᠤᠯ ᠢᠶᠠᠨ ᠬᠠᠨᠳᠤᠭᠤᠯᠵᠤ᠂ ᠳᠦᠷᠰᠦᠲᠦ ᠠᠷᠬᠢᠸ ᠦᠯᠡᠳᠡᠭᠡᠬᠦ ᠠᠰᠠᠭᠤᠳᠠᠯ ᠳᠤ ᠲᠤᠰᠯᠠᠬᠤ ᠪᠠᠷ ᠪᠣᠯᠪᠠ᠃
ᠴᠢᠩᠭᠢᠰ ᠬᠠᠭᠠᠨ ᠤ ᠣᠳᠣᠨᠳᠤ᠂ ᠲᠥᠷᠦ ᠢᠢᠨ ᠱᠠᠩᠨᠠᠯᠲᠤ ᠬᠥᠭ᠍ᠵᠢᠮ ᠦᠨ ᠵᠣᠬᠢᠶᠠᠯᠴᠢ ᠪ ∙ ᠰᠢᠷᠠᠪ 《ᠬᠥᠭ᠍ᠵᠢᠮ ᠪᠣᠯ ᠠᠭᠤᠯᠭ᠎ᠠ᠂ ᠬᠣᠶᠠᠳᠤᠭᠠᠷ ᠰᠢᠮᠹᠣᠨᠢ ᠢᠢ ᠪᠢᠴᠢᠬᠦ ᠳᠥ ᠪᠡᠨ ᠨᠢᠭᠤᠴᠠ ᠲᠣᠪᠴᠢᠶ᠎ᠠ᠂ ᠴᠢᠩᠭᠢᠰ ᠬᠠᠭᠠᠨ ᠤ ᠲᠡᠷᠡ ᠠᠤᠭ᠎ᠠ ᠬᠦᠴᠦ ᠢᠢ ᠢᠯᠡᠷᠬᠡᠢᠢᠯᠡᠬᠦ ᠢᠢ ᠬᠦᠰᠡᠭᠰᠡᠨ》 ᠬᠡᠮᠡᠨ ᠣᠨᠴᠠᠯᠠᠭᠰᠠᠨ ᠶᠤᠮ᠃ ᠮᠥᠨ ᠡᠨᠡ ᠪᠦᠲᠦᠭᠡᠯ ᠢᠶᠡᠨ ᠳᠦᠷᠰᠦᠵᠢᠭᠦᠯᠵᠦ᠂ ᠬᠡᠦᠬᠡᠳ ᠵᠠᠯᠠᠭᠤᠰ ᠲᠤ ᠬᠦᠷᠭᠡᠬᠦ ᠬᠦᠰᠡᠯ ᠲᠡᠢ ᠶᠠᠪᠤᠳᠠᠭ ᠢᠶᠠᠨ ᠬᠡᠯᠡᠭᠡᠳ ᠥᠨᠥᠳᠥᠷ 19 ᠴᠠᠭ ᠲᠤ ᠪᠣᠯᠬᠤ ᠥᠪᠡᠷ ᠦᠨ ᠤᠷᠠᠨ ᠪᠦᠲᠦᠭᠡᠯ ᠦᠨ ᠲᠣᠭᠯᠠᠯᠲᠠ ᠳᠤ ᠪᠠᠨ ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢ ᠤᠷᠢᠯ᠎ᠠ᠃