ᠮᠣᠩ᠋ᠭᠣᠯ ᠤᠨ ᠪᠠᠩᠬᠢᠨ ᠤ ᠬᠣᠯᠪᠣᠭ᠎ᠠ᠂ ᠠᠷᠠᠯᠵᠢᠶᠠᠨ ᠤ ᠪᠠᠩᠬᠢ ᠨᠤᠭᠤᠳ ᠪᠣᠯᠤᠨ ᠮᠣᠩ᠋ᠭᠣᠯ ᠪᠠᠩᠬᠢᠨ ᠤ ᠬᠠᠮᠲᠤᠷᠠᠨ ᠪᠠᠢᠢᠭᠤᠯᠤᠭᠰᠠᠨ 《ᠲᠡᠷᠪᠤᠮ ᠮᠣᠳᠣ》 ᠰᠠᠨᠭ᠌ 34 ᠲᠥᠰᠦᠯ ᠳᠤ 1.3 ᠲᠡᠷᠪᠤᠮ ᠲᠥᠭᠦᠷᠢᠭ᠌ ᠦᠨ ᠰᠠᠩᠬᠦᠵᠢᠯᠲᠡ ᠣᠯᠭᠤᠬᠤ ᠪᠠᠷ ᠪᠣᠯᠤᠯ᠎ᠠ᠃
ᠨᠡᠢᠢᠲᠡ ᠲᠥᠰᠥᠯ ᠦᠨ ᠬᠦᠷᠢᠶᠡᠨ ᠳᠤ 37 ᠭᠠ᠂ ᠲᠠᠯᠠᠪᠠᠢ ᠳᠤ 105 ᠭᠠᠷᠤᠢ ᠮᠢᠩ᠋ᠭᠠᠨ ᠮᠣᠳᠣ ᠲᠠᠷᠢᠵᠤ ᠤᠷᠭᠤᠭᠤᠯᠤᠨ᠂ 20 ᠮᠢᠩ᠋ᠭᠠᠨ ᠮᠧᠲ᠋ᠷ ᠺᠸᠠᠳ᠋ᠷᠠᠲ ᠨᠣᠭᠣᠭᠠᠨ ᠪᠠᠢᠢᠭᠤᠯᠤᠮᠵᠢ ᠪᠤᠢ ᠪᠣᠯᠭᠠᠬᠤ ᠶᠤᠮ᠃
ᠮᠥᠨ 70 ᠭᠠᠷᠤᠢ ᠨᠣᠭᠣᠭᠠᠨ ᠠᠵᠢᠯ ᠤᠨ ᠪᠠᠢᠢᠷᠢ ᠪᠤᠢ ᠪᠣᠯᠵᠤ᠂ ᠭᠤᠷᠪᠠᠨ ᠲᠥᠷᠦᠯ ᠦᠨ ᠰᠢᠨ᠎ᠡ ᠲᠧᠭᠨᠣᠯᠣᠭᠢ᠂ ᠢᠨᠨᠣᠸᠠᠴ ᠢᠢᠨ ᠰᠢᠢᠳᠦᠯ ᠨᠡᠪᠲᠡᠷᠡᠬᠦ ᠡᠴᠡ ᠭᠠᠳᠠᠨ᠎ᠠ ᠲᠥᠷᠦ ᠢᠢᠨ ᠥᠮᠴᠢ ᠢᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠴᠡᠴᠡᠷᠯᠢᠭ ᠦᠨ 180 ᠭᠠᠷᠤᠢ ᠮᠢᠩ᠋ᠭᠠᠨ ᠬᠡᠦᠬᠡᠳ ᠢ ᠨᠣᠭᠣᠭᠠᠨ ᠣᠷᠴᠢᠨ ᠳᠤ ᠰᠤᠷᠴᠤ ᠪᠣᠯᠪᠠᠰᠤᠷᠠᠬᠤ ᠪᠣᠯᠤᠮᠵᠢ ᠪᠠᠷ ᠬᠠᠩ᠋ᠭᠠᠨ᠎ᠠ᠃
ᠲᠡᠭᠦᠨᠴᠢᠯᠡᠨ 800 ᠣᠷᠴᠢᠮ ᠮᠢᠩ᠋ᠭᠠᠨ ᠬᠦᠮᠤᠨ ᠳ᠋ᠦ ᠲᠠᠷᠢᠭᠰᠠᠨ ᠮᠣᠳᠣ ᠪᠠᠨ ᠠᠷᠠᠴᠢᠯᠠᠵᠤ ᠲᠣᠷᠳᠠᠬᠤ᠂ ᠤᠷᠭᠤᠭᠤᠯᠬᠤ ᠴᠢᠭᠯᠡᠯ ᠢᠶᠡᠷ ᠡᠺᠣᠯᠣᠭᠢ ᠤᠨ ᠪᠣᠯᠪᠠᠰᠤᠷᠠᠯ ᠣᠯᠭᠤᠬᠤ ᠶᠤᠮ ᠪᠠᠢᠢᠨ᠎ᠠ᠃
《ᠲᠡᠷᠪᠤᠮ ᠮᠣᠳᠣ》 ᠰᠠᠩ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠳᠡᠮᠵᠢᠨ ᠣᠢᠢᠵᠢᠭᠤᠯᠤᠯᠲᠠ᠂ ᠨᠥᠬᠦᠨ ᠰᠡᠷᠭᠦᠭᠡᠯᠲᠡ᠂ ᠴᠡᠴᠡᠷᠯᠢᠭᠵᠢᠭᠦᠯᠦᠯᠲᠡ᠂ ᠡᠺᠣᠯᠣᠭᠢ ᠤᠨ ᠪᠣᠯᠪᠠᠰᠤᠷᠠᠯ ᠣᠯᠭᠤᠬᠤ ᠳᠤ ᠴᠢᠭᠯᠡᠭᠰᠡᠨ ᠲᠥᠰᠦᠯ ᠦᠳ ᠢ ᠰᠠᠩᠬᠦᠵᠢᠭᠦᠯᠬᠦ ᠪᠡᠷ ᠥᠩ᠋ᠭᠡᠷᠡᠭᠰᠡᠨ ᠣᠨ ᠤ 10 ᠳ᠋ᠤᠭᠠᠷ ᠰᠠᠷ᠎ᠠ ᠳᠤ ᠨᠡᠭᠡᠭᠡᠯᠲᠡ ᠲᠡᠢ ᠰᠣᠩ᠋ᠭᠣᠨ ᠰᠢᠯᠭᠠᠷᠠᠭᠤᠯᠤᠯᠲᠠ ᠵᠠᠷᠯᠠᠭᠰᠠᠨ ᠶᠤᠮ᠃
ᠨᠡᠢᠢᠰᠯᠡᠯ ᠪᠣᠯᠤᠨ ᠪᠦᠬᠦ ᠠᠢᠢᠮᠠᠭ ᠠᠴᠠ ᠨᠡᠢᠢᠰᠯᠡᠯ ᠦᠨ ᠲᠥᠷᠥ ᠢᠢᠨ ᠥᠮᠴᠢᠲᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠴᠡᠴᠡᠷᠯᠢᠭ ᠦᠨ ᠨᠣᠭᠣᠭᠠᠨ ᠪᠠᠢᠢᠭᠤᠯᠤᠮᠵᠢ᠂ ᠣᠯᠠᠨ ᠨᠡᠢᠢᠲᠡ ᠢᠢᠨ ᠣᠷᠣᠯᠴᠠᠭᠠᠨ ᠳᠤ ᠰᠠᠭᠤᠷᠢᠯᠠᠭᠰᠠᠨ ᠣᠢᠢᠵᠢᠭᠤᠯᠤᠯᠲᠠ᠂ ᠨᠥᠬᠥᠨ ᠰᠡᠷᠭᠦᠭᠡᠯᠲᠡ᠂ ᠮᠣᠳᠣ ᠲᠠᠷᠢᠬᠤ᠂ ᠣᠯᠠᠨ ᠨᠡᠢᠢᠲᠡ ᠳᠤ ᠲᠣᠭᠲᠠᠪᠤᠷᠢᠲᠠᠢ ᠬᠥᠭ᠍ᠵᠢᠯ᠂ ᠡᠺᠣᠯᠣᠭᠢ ᠤᠨ ᠪᠣᠯᠪᠠᠰᠤᠷᠠᠯ ᠣᠯᠭᠣᠬᠤ ᠭᠡᠰᠡᠨ ᠭᠤᠷᠪᠠᠨ ᠴᠢᠭᠯᠡᠯ ᠢᠶᠡᠷ 200 ᠣᠷᠴᠢᠮ ᠲᠥᠰᠥᠯ ᠢᠷᠡᠭᠦᠯᠦᠭᠰᠡᠨ ᠪᠠᠢᠢᠨ᠎ᠠ᠃
ᠡᠳᠡᠭᠡᠷ ᠡᠴᠡ ᠪᠠᠢᠢᠭᠠᠯᠢ ᠣᠷᠴᠢᠨ ᠤ ᠬᠠᠮᠠᠭᠠᠯᠠᠯ᠂ ᠣᠢᠢᠵᠢᠭᠤᠯᠤᠯᠲᠠ᠂ ᠴᠡᠴᠡᠷᠯᠢᠭᠵᠢᠭᠦᠯᠦᠯᠲᠡ᠂ ᠠᠾᠷᠣ - ᠡᠣᠢ ᠤᠨ ᠠᠵᠤ ᠠᠬᠤᠢ᠂ ᠰᠤᠷᠭᠠᠯᠲᠠ ᠰᠤᠳᠤᠯᠭ᠎ᠠ᠂ ᠰᠠᠩᠬᠦᠦ ᠵᠡᠷᠭᠡ 24 ᠰᠠᠯᠪᠤᠷᠢ ᠢᠢᠨ ᠲᠥᠯᠥᠭᠡᠯᠡᠯ ᠡᠴᠡ ᠪᠦᠷᠢᠳᠦᠭᠰᠡᠨ ᠬᠠᠷᠠᠭᠠᠲᠤ ᠪᠤᠰᠤ᠂ ᠮᠡᠷᠭᠡᠵᠢᠯ ᠦᠨ ᠲᠧᠭᠨᠢᠭ ᠦᠨ ᠲᠦᠷ ᠬᠣᠷᠢᠶ᠎ᠠ 34 ᠍ ᠢ ᠨᠢ ᠰᠢᠯᠭᠠᠷᠠᠭᠤᠯᠵᠠᠢ᠃
ᠰᠤᠷᠭᠠᠭᠤᠯᠢ᠂ ᠴᠡᠴᠡᠷᠯᠢᠭ ᠦᠨ ᠨᠣᠭᠣᠭᠠᠨ ᠪᠠᠢᠢᠭᠤᠯᠤᠮᠵᠢ ᠢᠢᠨ ᠴᠢᠭᠯᠡᠯ ᠳᠤ ᠭᠡᠬᠦ ᠳᠤ ᠯᠠ 11 ᠴᠡᠴᠡᠷᠯᠢᠭ᠂ ᠶᠢᠰᠦᠨ ᠰᠤᠷᠭᠠᠭᠤᠯᠢ ᠢᠢᠨ ᠲᠥᠰᠥᠯ ᠰᠢᠯᠭᠠᠷᠴᠤ᠂ ᠨᠡᠢᠢᠲᠡ ᠳᠥᠷᠪᠡᠨ ᠮᠢᠩ᠋ᠭ᠎ᠠ ᠭᠠᠷᠤᠢ ᠭᠣᠶᠣᠯ ᠤᠨ ᠮᠣᠳᠣ᠂ 10 ᠮᠢᠩ᠋ᠭ᠎ᠠ ᠭᠠᠷᠤᠢ ᠬᠠᠢᠢᠯᠠᠰᠤ ᠲᠠᠷᠢᠵᠤ᠂ ᠤᠷᠭᠤᠭᠤᠯᠬᠤ ᠶᠤᠮ᠃
《ᠲᠡᠷᠪᠤᠮ ᠮᠣᠳᠣ》 ᠰᠠᠨᠭ᠌ ᠴᠢᠨᠠᠭᠰᠢᠳᠠ ᠰᠢᠯᠢᠳᠡᠭ ᠲᠥᠰᠦᠯ ᠦᠳ ᠢ ᠰᠠᠩᠬᠦᠵᠢᠭᠦᠯᠬᠦ ᠡᠴᠡ ᠭᠠᠳᠠᠨ᠎ᠠ ᠠᠷᠠᠯᠵᠢᠶᠠᠨ ᠤ ᠪᠠᠩᠬᠢ ᠨᠤᠭᠤᠳ ᠲᠠᠢ ᠬᠠᠮᠲᠤᠷᠠᠨ ᠬᠥᠩ᠋ᠭᠡᠯᠡᠯᠲᠡ ᠲᠡᠢ ᠨᠥᠬᠥᠴᠡᠯ ᠲᠡᠢ ᠨᠣᠭᠣᠭᠠᠨ ᠵᠢᠭᠡᠯᠡ ᠢᠢᠨ ᠪᠦᠲᠦᠭᠡᠭ᠍ᠳᠡᠬᠦᠨ ᠪᠤᠢ ᠪᠣᠯᠭᠠᠬᠤ᠂ ᠣᠢ ᠢᠢᠨ ᠰᠠᠯᠪᠤᠷᠢ ᠲᠤ ᠬᠤᠪᠢ ᠤᠨ ᠪᠣᠯᠤᠨ ᠣᠯᠠᠨ ᠤᠯᠤᠰ ᠤᠨ ᠬᠥᠷᠦᠩ᠋ᠭᠡ ᠣᠷᠣᠭᠤᠯᠤᠯᠲᠠ ᠢᠢ ᠨᠡᠮᠡᠭᠳᠡᠭᠦᠯᠬᠦ ᠢᠢ ᠵᠣᠷᠢᠵᠤ ᠪᠠᠢᠢᠨ᠎ᠠ᠃
ᠰᠢᠯᠭᠠᠷᠠᠭᠰᠠᠨ ᠲᠥᠰᠥᠯ ᠦᠳ ᠲᠤ ᠪᠠᠲᠤᠯᠠᠮᠵᠢ ᠭᠠᠷᠳᠠᠭᠤᠯᠬᠤ ᠶᠣᠰᠣᠯᠠᠯ ᠳᠤ ᠣᠷᠣᠯᠴᠠᠭᠰᠠᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠶᠠ᠊᠂ ᠰᠣᠳᠤᠪᠠᠭᠠᠲᠤᠷ ᠬᠡᠯᠡᠭᠰᠡᠨ ᠦᠭᠡᠨ ᠳᠤ ᠪᠡᠨ᠂ 《ᠲᠡᠷᠪᠤᠮ ᠮᠣᠳᠣ》 ᠰᠠᠩ ᠠᠴᠠ ᠪᠠᠢᠢᠭᠠᠯᠢ ᠣᠷᠴᠢᠨ ᠢᠶᠠᠨ ᠬᠠᠮᠠᠭᠠᠯᠠᠬᠤ᠂ ᠴᠥᠯᠵᠢᠯᠲᠡ ᠲᠡᠢ ᠲᠡᠮᠡᠴᠡᠬᠦ᠂ ᠣᠢᠢᠵᠢᠭᠤᠯᠤᠯᠲᠠ᠂ ᠴᠡᠴᠡᠷᠯᠢᠭᠵᠢᠭᠦᠯᠦᠯᠲᠡ ᠬᠢᠬᠦ᠂ ᠣᠯᠠᠨ ᠨᠡᠢᠢᠲᠡ ᠳᠤ ᠲᠣᠭᠲᠠᠪᠤᠷᠢᠲᠠᠢ ᠬᠥᠭ᠍ᠵᠢᠯ᠂ ᠡᠺᠣᠯᠣᠭᠢ ᠤᠨ ᠪᠣᠯᠪᠠᠰᠤᠷᠠᠯ ᠣᠯᠭᠤᠬᠤ ᠳᠤ ᠴᠢᠭᠯᠡᠭᠰᠡᠨ ᠲᠥᠰᠥᠯ ᠦᠳ ᠢ ᠰᠠᠩᠬᠦᠵᠢᠭᠦᠯᠵᠦ ᠪᠠᠢᠢᠭ᠎ᠠ ᠨᠢ ᠴᠢᠬᠤᠯᠠ ᠳᠡᠮᠵᠢᠯᠭᠡ ᠪᠣᠯᠵᠤ ᠪᠠᠢᠢᠭ᠎ᠠ ᠢᠢ ᠲᠡᠮᠳᠡᠭᠯᠡᠪᠡ᠃
ᠮᠣᠩ᠋ᠭᠣᠯ ᠤᠨ ᠪᠠᠩᠬᠢᠨ ᠤ ᠬᠣᠯᠪᠣᠭᠠᠨ ᠤ ᠭᠡᠰᠢᠭᠦᠨ ᠪᠠᠢᠢᠭᠤᠯᠤᠯᠭ᠎ᠠ ᠨᠤᠭᠤᠳ 《ᠲᠡᠷᠪᠤᠮ ᠮᠣᠳᠣ》 ᠰᠠᠩ ᠳᠤ ᠵᠢᠯ ᠪᠦᠷᠢ ᠬᠣᠶᠠᠷ ᠲᠡᠷᠪᠤᠮ ᠲᠥᠭᠦᠷᠢᠭ᠌ ᠡᠴᠡ ᠪᠠᠭ᠎ᠠ ᠦᠭᠡᠢ ᠬᠡᠮᠵᠢᠶᠡᠨ ᠦ ᠬᠠᠨᠳᠢᠪ ᠥᠭ᠍ᠬᠦ ᠪᠡᠨ ᠪᠠᠲᠤᠯᠠᠮᠵᠢᠯᠠᠭᠰᠠᠨ᠃
ᠮᠥᠨ 88 ᠰᠠᠶ᠎ᠠ ᠮᠣᠳᠣ ᠲᠠᠷᠢᠬᠤ ᠪᠥᠭᠡᠳ ᠰᠠᠯᠪᠤᠷᠢ ᠢᠢᠨ ᠬᠡᠮᠵᠢᠶᠡᠨ ᠳᠤ ᠨᠣᠭᠣᠭᠠᠨ ᠵᠢᠭᠡᠯᠡ ᠢᠢ 2030 ᠣᠨ ᠭᠡᠬᠦ ᠳᠤ 10 ᠬᠤᠪᠢ ᠳᠤ ᠬᠦᠷᠭᠡᠵᠦ᠂ ᠲᠠᠪᠤᠨ ᠶᠡᠬᠡ ᠨᠠᠶᠤᠳ ᠬᠣᠶᠠᠷ ᠵᠠᠭᠤᠨ ᠲᠡᠷᠪᠤᠮ ᠲᠥᠭᠥᠷᠢᠭ᠌ ᠦᠨ ᠵᠢᠭᠡᠯᠡ ᠣᠯᠭᠣᠬᠤ ᠶᠤᠮ᠃
《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠤ 2022 ᠣᠨ ᠤ ᠡᠴᠦᠰ ᠦᠨ ᠪᠠᠢᠢᠳᠠᠯ ᠢᠶᠠᠷ ᠤᠯᠤᠰ ᠤᠨ ᠬᠡᠮᠵᠢᠶᠡᠨ ᠳᠤ 10 ᠰᠠᠶ᠎ᠠ ᠭᠠᠷᠤᠢ ᠮᠣᠳᠣ ᠲᠠᠷᠢᠵᠤ᠂ ᠲᠠᠷᠢᠴᠠ᠂ ᠰᠠᠭᠤᠯᠭᠠᠴᠠ ᠢᠢᠨ ᠨᠥᠭᠡᠴᠡ ᠢᠢ ᠡᠮᠦᠨᠡᠬᠢ ᠣᠨ ᠠᠴᠠ ᠲᠠᠪᠤ ᠳᠠᠬᠢᠨ ᠪᠤᠶᠤ 10 ᠰᠠᠶ ᠠ ᠪᠠᠷ ᠨᠡᠮᠡᠭᠳᠡᠭᠦᠯᠵᠦ 44 ᠰᠠᠶ᠎ᠠ ᠭᠠᠷᠤᠢ ᠳᠤ ᠬᠦᠷᠭᠡᠭᠡᠳ ᠪᠠᠢᠢᠨ᠎ᠠ᠃