ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠢ ᠲᠣᠬᠢᠶᠠᠯᠳᠤᠭᠤᠯᠤᠨ ᠣᠯᠠᠨ ᠬᠡᠦᠬᠡᠳ ᠲᠥᠷᠦᠭᠦᠯᠵᠦ ᠥᠰᠬᠡᠭ᠍ᠰᠡᠨ ᠡᠬᠡ ᠢᠢ ᠤᠷᠮᠠᠰᠢᠭᠤᠯᠬᠤ ᠲᠤᠬᠠᠢ ᠬᠠᠤᠯᠢ ᠪᠣᠯᠤᠨ ᠮᠣᠩ᠋ᠭᠣᠯ ᠤᠯᠤᠰ ᠤᠨ ᠦᠨᠳᠦᠰᠦᠨ ᠬᠠᠤᠯᠢ ᠳᠤ ᠵᠢᠭᠠᠭᠰᠠᠨ ᠪᠦᠷᠢᠨ ᠡᠷᠬᠡ ᠢᠢᠨ ᠢᠶᠡᠨ ᠬᠦᠷᠢᠶᠡᠨ ᠳᠤ ᠵᠠᠷᠯᠢᠭ ᠭᠠᠷᠭᠠᠵᠤ᠂ ᠡᠬᠡᠴᠦᠳ ᠲᠤ ᠠᠯᠳᠠᠷᠲᠤ ᠡᠬᠡ ᠢᠢᠨ ᠣᠳᠣᠨ ᠭᠠᠷᠳᠠᠭᠤᠯᠤᠯ᠎ᠠ᠃
ᠡᠨᠡ ᠵᠢᠯ ᠤᠯᠤᠰ ᠤᠨ ᠬᠡᠮᠵᠢᠶᠡᠨ ᠳᠤ 10᠂785 ᠡᠵᠢ ᠠᠯᠳᠠᠷᠲᠤ ᠡᠬᠡ ᠢᠢᠨ ᠣᠳᠣᠨ ᠬᠦᠷᠲᠡᠵᠦ ᠪᠠᠢᠢᠭ᠎ᠠ ᠢᠢᠨ ᠣᠯᠠᠩᠬᠢ ᠨᠢ 36 ᠣᠷᠴᠢᠮ ᠨᠠᠰᠤᠨ ᠤ ᠬᠢᠨ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠢᠠᠷ᠄
ᠨᠡᠢᠢᠰᠯᠡᠯ ᠦᠨ 9 ᠳᠡᠭᠦᠷᠭᠡ ᠢᠢᠨ 4᠂696 ᠡᠵᠢ᠂ ᠡᠭᠦᠨ ᠡᠴᠡ I ᠵᠡᠷᠭᠡ ᠢᠢᠨ ᠣᠳᠣᠨ ᠢ 297᠂ II ᠵᠡᠷᠭᠡ ᠢᠢᠨ ᠣᠳᠣᠨ ᠢ 4᠂399᠂
21 ᠠᠢᠢᠮᠠᠭ ᠤᠨ 5᠂979 ᠡᠵᠢ᠂ ᠡᠭᠦᠨ ᠡᠴᠡ I ᠵᠡᠷᠭᠡ ᠢᠢᠨ ᠣᠳᠣᠨ ᠢ 471᠂ II ᠵᠡᠷᠭᠡ ᠢᠢᠨ ᠣᠳᠣᠨ ᠢ 5᠂508᠂
ᠭᠠᠳᠠᠭᠠᠳᠤ ᠢᠢᠨ ᠤᠯᠤᠰ ᠣᠷᠣᠨ ᠨᠤᠭᠤᠳ ᠲᠤ ᠣᠷᠣᠰᠢᠨ ᠰᠠᠭᠤᠭ᠎ᠠ 110 ᠡᠵᠢ᠂ ᠡᠭᠦᠨ ᠡᠴᠡ I ᠵᠡᠷᠭᠡ ᠢᠢᠨ ᠣᠳᠣᠨ ᠢ 5᠂ II ᠵᠡᠷᠭᠡ ᠢᠢᠨ ᠣᠳᠣᠨ ᠢ 105 ᠡᠵᠢ ᠬᠦᠷᠲᠡᠵᠦ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠯᠳᠠᠷᠲᠤ ᠡᠵᠢ ᠨᠦᠭᠦᠳ ᠲᠤ ᠪᠣᠯᠤᠨ ᠭᠡᠷ ᠪᠦᠯᠢ᠂ ᠦᠷ᠎ᠡ ᠬᠡᠦᠬᠡᠳ᠂ ᠬᠠᠨᠢ ᠢᠵᠢᠯᠢ᠂ ᠲᠥᠷᠦᠯ ᠲᠥᠷᠦᠭᠰᠡᠳ ᠲᠤ ᠨᠢ ᠡᠷᠡᠭᠦᠯ ᠡᠩᠬᠡ᠂ ᠠᠵᠠ ᠵᠢᠷᠭᠠᠯ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃
ᠲᠡᠷᠡ ᠪᠡᠷ ᠦᠷ᠎ᠡ ᠬᠡᠦᠬᠡᠳ ᠢᠶᠡᠨ ᠵᠥᠪ ᠰᠡᠳᠬᠢᠯᠲᠡᠢ᠂ ᠡᠷᠳᠡᠮ ᠪᠣᠯᠪᠠᠰᠤᠷᠠᠯ ᠲᠠᠢ᠂ ᠡᠷᠡᠭᠦᠯ ᠴᠢᠭᠢᠷᠠᠭ ᠢᠷᠭᠡᠨ ᠪᠣᠯᠭᠠᠨ ᠥᠰᠬᠡᠵᠦ ᠬᠦᠮᠦᠵᠢᠭᠦᠯᠦᠭᠰᠡᠨ ᠭᠠᠪᠢᠶ᠎ᠠ ᠵᠢᠳᠬᠦᠯ ᠢ ᠮᠣᠩ᠋ᠭᠣᠯ ᠲᠥᠷᠦ ᠠᠯᠳᠠᠷᠰᠢᠭᠤᠯᠵᠤ ᠪᠠᠢᠢᠭ᠎ᠠ ᠢᠢ ᠬᠡᠯᠡᠪᠡ᠃
ᠮᠥᠨ ᠬᠡᠦᠬᠡᠳ ᠦᠨ ᠮᠥᠩ᠋ᠭᠥ ᠣᠯᠭᠤᠵᠤ ᠪᠤᠢ ᠨᠢ ᠨᠡᠢᠢᠭᠡᠮ ᠦᠨ ᠬᠠᠯᠠᠮᠵᠢ ᠪᠤᠰᠤ᠂ ᠬᠠᠷᠢᠨ ᠬᠦᠮᠦᠨ ᠠᠮᠠ ᠪᠠᠨ ᠥᠰᠬᠡᠬᠦ᠂ ᠡᠬᠡ ᠦᠷᠡᠰ ᠢᠶᠡᠨ ᠳᠡᠮᠵᠢᠬᠦ᠂ ᠬᠡᠦᠬᠡᠳ ᠦᠨ ᠬᠥᠭ᠍ᠵᠢᠯ ᠳ᠋ᠦ ᠣᠷᠣᠭᠤᠯᠵᠤ ᠪᠤᠢ ᠬᠥᠷᠦᠩ᠋ᠭᠡ ᠣᠷᠣᠭᠤᠯᠤᠯᠲᠠ᠂ ᠲᠥᠷᠦ ᠢᠢᠨ ᠪᠣᠳᠣᠯᠭ᠎ᠠ ᠭᠡᠵᠦ ᠦᠵᠡᠳᠡᠭ ᠢᠶᠡᠨ ᠢᠯᠡᠷᠬᠡᠢᠢᠯᠡᠯ᠎ᠡ᠃