Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ ᠲᠡᠷᠢᠭᠦᠨ ᠨᠠᠷ ᠲᠦᠷᠦᠭᠰᠡᠨ ᠡᠳᠦᠷ ᠦᠨ ᠮᠡᠨᠳᠦᠴᠢᠯᠡᠭᠡ ᠳᠡᠪᠰᠢᠭᠦᠯᠵᠡᠢ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠲᠦᠷᠦᠭᠰᠡᠨ ᠡᠳᠦᠷ ᠢ ᠲᠣᠬᠢᠶᠠᠯᠳᠤᠭᠤᠯᠤᠨ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸ᠂ ᠸ᠂ ᠫᠦ᠋ᠲ᠋ᠢᠨ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠱᠢ ᠵᠢᠡᠢᠫᠢᠨ ᠨᠠᠷ ᠮᠡᠨᠳᠦᠴᠢᠯᠡᠭᠡ ᠳᠡᠪᠰᠢᠭᠦᠯᠵᠡᠢ᠃

ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠮᠡᠨᠳᠦᠴᠢᠯᠡᠭᠡᠨ ᠳᠤ ᠪᠡᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ 55 ᠨᠠᠰᠤᠨ ᠤ ᠣᠢ ᠢᠢ ᠲᠣᠬᠢᠶᠠᠯᠳᠤᠭᠤᠯᠤᠨ ᠪᠠᠶᠠᠷ ᠬᠦᠷᠭᠡᠵᠦ᠂ ᠬᠣᠶᠠᠷ ᠤᠯᠤᠰ ᠤᠨ ᠨᠠᠢᠢᠷᠰᠠᠭ᠂ ᠰᠠᠢᠢᠨ ᠬᠥᠷᠰᠢ ᠢᠢᠨ ᠬᠠᠷᠢᠯᠴᠠᠭ᠎ᠠ ᠢᠢ ᠬᠥᠭ᠍ᠵᠢᠭᠦᠯᠬᠦ ᠳᠥ ᠴᠢᠭᠯᠡᠭᠰᠡᠨ ᠵᠢᠳᠬᠦᠯ ᠢ ᠦᠨᠡᠯᠡᠵᠦ ᠪᠠᠢᠢᠳᠠᠭ ᠢᠶᠠᠨ ᠢᠯᠡᠷᠬᠡᠢᠢᠯᠡᠪᠡ᠃ ᠬᠣᠶᠠᠷ ᠲᠠᠯ᠎ᠠ ᠢᠢᠨ ᠪᠣᠯᠤᠨ ᠣᠯᠠᠨ ᠲᠠᠯᠠᠲᠤ ᠬᠠᠮᠲᠤ ᠢᠢᠨ ᠠᠵᠢᠯᠯᠠᠭᠠᠨ ᠤ ᠲᠤᠯᠭᠠᠮᠳᠠᠵᠤ ᠪᠤᠢ ᠠᠰᠠᠭᠤᠳᠠᠯ ᠤᠳ ᠢᠶᠠᠷ ᠴᠢᠨᠠᠭᠰᠢᠳᠠ ᠦᠷ᠎ᠡ ᠪᠦᠲᠦᠭᠡᠯ ᠲᠡᠢ ᠬᠠᠮᠲᠤᠷᠠᠨ ᠠᠵᠢᠯᠯᠠᠨ᠎ᠠ ᠭᠡᠵᠦ ᠨᠠᠢᠢᠳᠠᠵᠤ ᠪᠠᠢᠢᠨ᠎ᠠ ᠭᠡᠵᠡᠢ᠃

ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠥ ᠲᠦᠷᠦᠭᠰᠡᠨ ᠡᠳᠦᠷ ᠦᠨ ᠮᠡᠨᠳᠦ ᠬᠦᠷᠭᠡᠵᠦ᠂ ᠥᠩ᠋ᠭᠡᠷᠡᠭᠰᠡᠨ ᠣᠨ ᠤ 11 ᠳ᠋ᠤᠭᠡᠷ ᠰᠠᠷ᠎ᠠ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠬᠢᠲᠠᠳ ᠲᠤ ᠬᠢᠭ᠍ᠰᠡᠨ ᠲᠥᠷᠥ ᠢᠢᠨ ᠠᠢᠢᠯᠴᠢᠯᠠᠯ ᠠᠮᠵᠢᠯᠲᠠᠲᠠᠢ ᠪᠣᠯᠵᠤ᠂ ᠬᠣᠶᠠᠷ ᠤᠯᠤᠰ ᠤᠨ ᠬᠠᠷᠢᠯᠴᠠᠭᠠᠨ ᠤ ᠥᠨᠳᠥᠷ ᠲᠦᠪᠰᠢᠨ ᠢ ᠬᠠᠷᠠᠭᠤᠯᠤᠭᠰᠠᠨ ᠢ ᠲᠡᠮᠳᠡᠭᠯᠡᠵᠡᠢ᠃ ᠲᠠᠯ ᠠ ᠤᠳ ᠤᠨ ᠬᠠᠷᠢᠯᠴᠠᠨ ᠢᠲᠡᠭᠡᠯᠴᠡᠯ᠂ ᠨᠠᠢᠢᠷᠠᠮᠳᠠᠯ᠂ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠵᠦ᠂ ᠬᠣᠶᠠᠷ ᠤᠯᠤᠰ ᠤᠨ ᠬᠠᠷᠢᠯᠴᠠᠭ᠎ᠠ ᠢᠢ ᠲᠠᠰᠤᠷᠠᠯᠲᠠ ᠦᠭᠡᠢ ᠰᠢᠨ᠎ᠡ ᠬᠥᠭ᠍ᠵᠢᠯ ᠳ᠋ᠦ ᠬᠦᠷᠭᠡᠬᠦ ᠢᠢᠨ ᠲᠥᠯᠥᠭᠡ ᠬᠠᠮᠲᠤᠷᠠᠨ ᠠᠵᠢᠯᠯᠠᠬᠤ ᠳᠤ ᠪᠡᠯᠡᠨ ᠪᠠᠢᠢᠭ᠎ᠠ ᠪᠠᠨ ᠢᠯᠡᠷᠬᠡᠢᠢᠯᠡᠪᠡ᠃

ᠮᠥᠨ ᠣᠷᠣᠰ ᠤᠨ ᠬᠣᠯᠪᠣᠭᠠᠨ ᠤ ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠲᠥᠷᠥ ᠢᠢᠨ ᠲᠡᠷᠢᠭᠦᠨ ᠨᠠᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠳᠤ ᠡᠷᠡᠭᠦᠯ ᠡᠩᠬᠡ᠂ ᠮᠣᠩ᠋ᠭᠣᠯ ᠤᠨ ᠠᠷᠠᠳ ᠲᠦᠮᠡᠨ ᠳᠥ ᠬᠥᠭ᠍ᠵᠢᠯ ᠴᠡᠴᠡᠭᠯᠡᠯᠲᠡ ᠢᠢ ᠬᠦᠰᠡᠨ ᠢᠷᠦᠭᠡᠪᠡ᠃