ᠡᠨᠡ ᠡᠳᠦᠷ ᠦᠳ ᠲᠥ ᠣᠨᠴᠤᠭᠤᠢ ᠪᠠᠢᠢᠳᠠᠯ ᠤᠨ ᠠᠯᠪᠠ ᠪᠠᠢᠢᠭᠤᠯᠤᠭᠳᠠᠰᠤᠨ ᠤ 19 ᠵᠢᠯ ᠦᠨ ᠣᠢ ᠲᠣᠬᠢᠶᠠᠵᠤ ᠪᠠᠢᠢᠨ᠎ᠠ᠃ ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ 2004 ᠣᠨ ᠤ ᠨᠢᠭᠡᠳᠦᠭᠡᠷ ᠲᠣᠭᠲᠠᠭᠠᠯ ᠢᠶᠠᠷ ᠭᠠᠯ ᠲᠦᠢᠮᠡᠷ ᠲᠡᠢ ᠲᠡᠮᠡᠴᠡᠬᠦ ᠭᠠᠵᠠᠷ᠂ ᠤᠯᠤᠰ ᠤᠨ ᠢᠷᠭᠡᠨ ᠦ ᠬᠠᠮᠠᠭᠠᠯᠠᠯᠲᠠ ᠢᠢᠨ ᠭᠠᠵᠠᠷ᠂ ᠤᠯᠤᠰ ᠤᠨ ᠨᠥᠭᠡᠴᠡ ᠢᠢᠨ ᠭᠠᠵᠠᠷ ᠢ ᠨᠢᠭᠡᠳᠬᠡᠵᠦ ᠣᠨᠴᠤᠭᠤᠢ ᠪᠠᠢᠢᠳᠠᠯ ᠤᠨ ᠠᠯᠪᠠ ᠢᠢ ᠪᠠᠢᠢᠭᠤᠯᠤᠭᠰᠠᠨ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ ᠤᠬᠤᠨ᠎ᠠ ᠢᠢᠨ ᠬᠦᠷᠡᠯᠰᠦ᠋ᠬᠡ ᠣᠨᠴᠤᠭᠤᠢ ᠪᠠᠢᠢᠳᠠᠯ ᠤᠨ ᠠᠯᠪᠠᠨ ᠤ ᠡᠳᠦᠷ ᠲᠥ ᠵᠣᠷᠢᠭᠤᠯᠤᠭᠰᠠᠨ ᠬᠦᠨᠳᠦᠳᠬᠡᠯ ᠦᠨ ᠶᠣᠰᠣᠯᠠᠯ ᠳᠤ ᠣᠷᠣᠯᠴᠠᠵᠤ᠂ ᠨᠡᠢᠢᠲᠡ ᠪᠡᠶ᠎ᠡ ᠪᠦᠷᠢᠯᠳᠦᠬᠦᠨ ᠳᠥ ᠪᠣᠯᠤᠨ ᠲᠡᠳᠡᠨ ᠦ ᠭᠡᠷ ᠪᠦᠯᠢ ᠳᠥ ᠪᠠᠶᠠᠷ ᠬᠦᠷᠭᠡᠵᠦ᠂ ᠠᠵᠢᠯ ᠤᠨ ᠠᠮᠵᠢᠯᠲᠠ᠂ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠪᠡ᠃
ᠲᠡᠷᠡ ᠪᠡᠷ ᠣᠨᠴᠤᠭᠤᠢ ᠪᠠᠢᠢᠳᠠᠯ ᠤᠨ ᠠᠯᠪᠠ ᠬᠠᠭᠠᠭᠴᠢᠳ ᠠᠶᠤᠯ᠂ ᠣᠰᠣᠯ ᠳᠤ ᠨᠡᠷᠪᠡᠭ᠍ᠳᠡᠭᠰᠡᠨ ᠬᠦᠮᠦᠰ ᠲᠥ ᠴᠠᠭ ᠠᠭᠠᠷ᠂ ᠡᠳᠦᠷ ᠰᠥᠨᠢ ᠢᠢᠨ ᠶᠠᠮᠠᠷ ᠴᠤ ᠨᠥᠬᠥᠴᠡᠯ ᠳᠥ ᠴᠠᠭ ᠠᠯᠠᠳᠠᠯ ᠦᠭᠡᠢ ᠬᠦᠷᠴᠦ᠂ ᠠᠮᠢ ᠨᠠᠰᠤ᠂ ᠡᠳ᠋ ᠬᠥᠷᠥᠩ᠋ᠭᠡ ᠢᠢ ᠨᠢ ᠠᠪᠤᠷᠠᠨ ᠬᠠᠮᠠᠭᠠᠯᠠᠵᠤ ᠪᠠᠢᠢᠳᠠᠭ ᠡᠩᠬᠡ ᠴᠠᠭ ᠤᠨ ᠡᠭᠡᠯ ᠪᠠᠭᠠᠲᠤᠷ ᠤᠳ ᠭᠡᠳᠡᠭ ᠢ ᠲᠣᠳᠣᠳᠬᠠᠪᠠ᠃
ᠮᠥᠨ 《ᠡᠷ᠎ᠡ ᠵᠣᠷᠢᠭ᠂ ᠰᠠᠬᠢᠯᠭ᠎ᠠ ᠪᠠᠲᠤ᠂ ᠤᠷ᠎ᠠ ᠴᠢᠳᠠᠪᠤᠷᠢ᠂ ᠲᠡᠰᠪᠦᠷᠢ ᠬᠠᠲᠠᠭᠤᠵᠢᠯ ᠤᠨ ᠦᠯᠢᠭᠡᠷ ᠳᠠᠭᠤᠷᠢᠶᠠᠯ ᠪᠣᠯᠤᠭᠰᠠᠨ ᠠᠯᠪᠠ ᠬᠠᠭᠠᠭᠴᠢᠳ ᠢᠶᠠᠷ ᠢᠶᠠᠨ ᠲᠥᠷᠥ ᠵᠠᠰᠠᠭ᠂ ᠠᠷᠠᠳ ᠲᠦᠮᠡᠨ ᠦᠷᠭᠦᠯᠵᠢ ᠪᠠᠬᠠᠷᠬᠠᠵᠤ ᠪᠠᠢᠢᠳᠠᠭ᠃ ᠡᠨᠡ ᠶᠡᠬᠡ ᠢᠲᠡᠭᠡᠯ ᠢ ᠵᠢᠳᠬᠦᠯ ᠢᠶᠡᠷ ᠬᠠᠷᠢᠭᠤᠯᠵᠤ᠂ ᠠᠵᠢᠯ ᠠᠯᠪᠠ ᠪᠠᠨ ᠤᠯᠠᠮ ᠪᠡᠬᠢᠵᠢᠭᠦᠯᠦᠨ ᠬᠥᠭ᠍ᠵᠢᠭᠦᠯᠵᠦ ᠶᠠᠪᠤᠬᠤ ᠤᠴᠢᠷᠲᠠᠢ》 ᠭᠡᠯᠡ᠃
ᠴᠢᠨᠠᠭᠰᠢᠳᠠ ᠭᠠᠮᠰᠢᠭ ᠣᠰᠣᠯ᠂ ᠢᠯᠠᠩ᠋ᠭᠤᠶ᠎ᠠ ᠭᠠᠵᠠᠷ ᠬᠥᠳᠡᠯᠦᠯᠲᠡ᠂ ᠴᠠᠷ ᠲᠠᠬᠤᠯ᠂ ᠴᠠᠭ ᠠᠭᠤᠷ ᠤᠨ ᠥᠭᠡᠷᠡᠴᠢᠯᠡᠯᠲᠡ ᠡᠴᠡ ᠰᠢᠯᠲᠠᠭᠠᠯᠠᠨ ᠳᠠᠪᠲᠠᠮᠵᠢ᠂ ᠬᠣᠣᠷ ᠤᠷᠰᠢᠭ ᠨᠢ ᠨᠡᠮᠡᠭᠳᠡᠵᠦ ᠪᠤᠢ ᠠᠶᠤᠯᠲᠤ ᠦᠵᠡᠭᠳᠡᠯ ᠡᠴᠡ ᠠᠷᠠᠳ ᠢᠷᠭᠡᠳ ᠢᠶᠡᠨ ᠬᠠᠮᠠᠭᠠᠯᠠᠬᠤ ᠴᠢᠳᠠᠪᠬᠢ ᠪᠠᠨ ᠰᠠᠢᠢᠵᠢᠷᠠᠭᠤᠯᠵᠤ᠂ ᠪᠦᠬᠦ ᠨᠡᠢᠢᠲᠡ ᠢᠢᠨ ᠣᠷᠣᠯᠴᠠᠭᠠᠨ ᠳᠤ ᠲᠤᠯᠭᠠᠭᠤᠷᠢᠯᠠᠭᠰᠠᠨ ᠭᠠᠮᠰᠢᠭ ᠠᠴᠠ ᠬᠠᠮᠠᠭᠠᠯᠠᠬᠤ ᠦᠨᠳᠦᠰᠦᠨ ᠦ ᠲᠣᠭᠲᠠᠯᠴᠠᠭ᠎ᠠ ᠪᠦᠷᠢᠳᠦᠭᠦᠯᠦᠨ ᠪᠡᠬᠢᠵᠢᠭᠦᠯᠬᠦ ᠳᠥ ᠠᠩᠬᠠᠷᠬᠤ ᠬᠡᠷᠡᠭᠲᠡᠢ ᠭᠡᠵᠦ ᠦᠵᠡᠳᠡᠭ ᠢᠶᠡᠨ ᠲᠡᠮᠳᠡᠭᠯᠡᠪᠡ᠃
ᠶᠡᠷᠦᠩᠬᠡᠢᠢᠯᠡᠭᠴᠢ ᠮᠥᠨ ᠡᠳᠦᠷ ᠨᠡᠢᠢᠰᠯᠡᠯ ᠦᠨ ᠣᠨᠴᠤᠭᠤᠢ ᠪᠠᠢᠢᠳᠠᠯ ᠤᠨ ᠭᠠᠵᠠᠷ᠂ ᠴᠢᠩ᠋ᠭᠢᠯᠲᠡᠢ ᠳᠡᠭᠦᠷᠭᠡ ᠢᠢᠨ ᠣᠨᠴᠤᠭᠤᠢ ᠪᠠᠢᠢᠳᠠᠯ ᠤᠨ ᠬᠡᠯᠲᠡᠰ᠂ ᠭᠠᠯ ᠲᠦᠢᠮᠡᠷ ᠤᠨᠲᠠᠷᠠᠭᠠᠬᠤ᠂ ᠠᠪᠤᠷᠠᠬᠤ 10 ᠳ᠋ᠤᠭᠠᠷ ᠠᠩᠬᠢ ᠢᠢᠨ ᠰᠢᠨ᠎ᠡ ᠪᠠᠷᠢᠯᠭ᠎ᠠ ᠢᠢᠨ ᠨᠡᠭᠡᠭᠡᠯᠲᠡ ᠳᠥ ᠤᠷᠤᠯᠴᠠᠪᠠ᠃
ᠣᠨᠴᠤᠭᠤᠢ ᠪᠠᠢᠢᠳᠠᠯ ᠤᠨ ᠠᠯᠪᠠ ᠬᠠᠭᠠᠭᠴᠢᠳ ᠠᠷᠠᠳ ᠢᠷᠭᠡᠳ ᠦᠨ ᠠᠮᠢ ᠨᠠᠰᠤ᠂ ᠡᠷᠡᠭᠦᠯ ᠮᠡᠨᠳᠦ᠂ ᠡᠳ᠋ ᠬᠥᠷᠥᠩ᠋ᠭᠡ᠂ ᠮᠠᠯ ᠠᠮᠢᠲᠠᠨ᠂ ᠬᠦᠷᠢᠶᠡᠯᠡᠨ ᠪᠠᠢᠢᠭ᠎ᠠ ᠣᠷᠴᠢᠨ ᠢᠶᠠᠨ ᠭᠠᠮᠰᠢᠭ᠂ ᠣᠰᠣᠯ ᠠᠴᠠ ᠬᠠᠮᠠᠭᠠᠯᠠᠬᠤ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠵᠦ ᠢᠷᠡᠯ᠎ᠡ᠃ ᠥᠩ᠋ᠭᠡᠷᠡᠭᠰᠡᠨ 19 ᠵᠢᠯ ᠦᠨ ᠬᠤᠭᠤᠴᠠᠭᠠᠨ ᠳᠤ 28 ᠮᠢᠩ᠋ᠭ᠎ᠠ ᠭᠠᠷᠤᠢ ᠬᠦᠮᠦᠨ ᠦ ᠠᠮᠢ ᠨᠠᠰᠤ᠂ 810 ᠭᠠᠷᠤᠢ ᠲᠡᠷᠪᠤᠮ ᠲᠥᠭᠥᠷᠢᠭ᠌ ᠦᠨ ᠡᠳ᠋ ᠬᠥᠷᠥᠩ᠋ᠭᠡ ᠢᠢ ᠠᠪᠤᠷᠠᠨ ᠬᠠᠮᠠᠭᠠᠯᠠᠵᠠᠢ᠃
ᠠᠬᠠᠮᠠᠳ ᠲ᠂ ᠣᠳᠣᠨᠬᠦᠦ ᠳᠥ 《ᠣᠨᠴᠤᠭᠤᠢ ᠪᠠᠢᠢᠳᠠᠯ ᠤᠨ ᠠᠯᠪᠠᠨ ᠤ ᠠᠩᠬᠠᠨ ᠤ ᠰᠠᠢᠢᠳ ᠤᠨ ᠨᠡᠷᠡᠮᠵᠢᠲᠦ ᠱᠠᠩᠨᠠᠯ》 ᠭᠠᠷᠳᠠᠭᠤᠯᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ ᠤᠬᠤᠨ᠎ᠠ ᠢᠢᠨ ᠬᠦᠷᠡᠯᠰᠦ᠋ᠬᠡ ᠡᠮᠦᠨᠡᠲᠦ ᠪᠥᠰᠡ ᠢᠢᠨ ᠲᠥᠪ-ᠡᠮᠦᠨᠡᠭᠣᠪᠢ ᠠᠢᠢᠮᠠᠭ ᠤᠨ ᠣᠨᠴᠤᠭᠤᠢ ᠪᠠᠢᠢᠳᠠᠯ ᠤᠨ ᠭᠠᠵᠠᠷ ᠤᠨ ᠭᠠᠯ ᠲᠦᠢᠮᠡᠷ ᠤᠨᠲᠠᠷᠠᠭᠠᠬᠤ᠂ ᠠᠪᠤᠷᠠᠬᠤ 21 ᠳ᠋ᠤᠭᠡᠷ ᠠᠩᠬᠢ ᠢᠢᠨ ᠰᠠᠯᠠᠭᠠᠨ ᠤ ᠵᠠᠬᠢᠷᠤᠭᠴᠢ᠂ ᠠᠬᠠᠮᠠᠳ ᠲ᠂ ᠣᠳᠣᠨᠬᠦᠦ ᠳᠥ《ᠣᠨᠴᠤᠭᠤᠢ ᠪᠠᠢᠢᠳᠠᠯ ᠤᠨ ᠠᠯᠪᠠᠨ ᠤ ᠠᠩᠬᠠᠨ ᠤ ᠰᠠᠢᠢᠳ ᠤᠨ ᠨᠡᠷᠡᠮᠵᠢᠲᠦ ᠱᠠᠩᠨᠠᠯ》᠂ 20 ᠰᠠᠶ᠎ᠠ ᠲᠥᠭᠥᠷᠢᠭ᠌ ᠭᠠᠷᠳᠠᠭᠤᠯᠪᠠ᠃
ᠠᠬᠠᠮᠠᠳ ᠲ᠂ ᠣᠳᠣᠨᠬᠦᠦ 11 ᠳ᠋ᠡᠬᠢ ᠵᠢᠯ ᠳᠤ ᠪᠡᠨ ᠡᠨᠡ ᠠᠯᠪᠠᠨ ᠳᠤ ᠠᠵᠢᠯᠯᠠᠵᠤ ᠪᠠᠢᠢᠭ᠎ᠠ ᠪᠥᠭᠡᠳ 115 ᠤᠳᠠᠭ᠎ᠠ ᠭᠠᠯ ᠤᠨ ᠳᠠᠭᠤᠳᠠᠯᠭ᠎ᠠ ᠳᠤ ᠭᠠᠷᠴᠤ᠂ 109 ᠤᠳᠠᠭ᠎ᠠ ᠢᠢᠨ ᠭᠠᠯ ᠳᠤ ᠪᠠᠢᠢᠯᠳᠤᠭᠠᠨ ᠤ ᠲᠠᠷᠬᠠᠯᠲᠠ ᠬᠡᠢᠢᠨ ᠠᠵᠢᠯᠯᠠᠭᠠᠳ ᠪᠠᠢᠢᠨ᠎ᠠ᠃
ᠲᠡᠷᠡ ᠪᠡᠷ ᠡᠨᠡ ᠬᠤᠭᠤᠴᠠᠭᠠᠨ ᠳᠤ 137 ᠬᠦᠮᠦᠨ ᠦ ᠠᠮᠢ ᠨᠠᠰᠤ᠂ ᠪᠠᠢᠢᠭᠤᠯᠤᠯᠭ᠎ᠠ᠂ ᠠᠵᠤ ᠠᠬᠤᠢ ᠢᠢᠨ ᠨᠢᠭᠡᠴᠡ᠂ ᠢᠷᠭᠡᠳ ᠦᠨ ᠭᠤᠷᠪᠠᠨ ᠲᠡᠷᠪᠤᠮ ᠭᠠᠷᠤᠢ ᠲᠥᠭᠥᠷᠢᠭ᠌ ᠦᠨ ᠥᠮᠴᠢ ᠬᠥᠷᠥᠩ᠋ᠭᠡ ᠢᠢ ᠠᠪᠤᠷᠠᠨ ᠬᠠᠮᠠᠭᠠᠯᠠᠵᠠᠢ᠃
2020 ᠣᠨ ᠳᠤ ᠭᠡᠬᠦ ᠳᠥ ᠯᠠ ᠬᠡᠨᠲᠡᠢ ᠠᠢᠢᠮᠠᠭ ᠤᠨ ᠣᠨᠴᠤᠭᠤᠢ ᠪᠠᠢᠢᠳᠠᠯ ᠤᠨ ᠭᠠᠵᠠᠷ ᠤᠨ ᠡᠷᠢᠨ ᠬᠠᠢᠢᠬᠤ᠂ ᠠᠪᠤᠷᠠᠬᠤ ᠰᠠᠯᠪᠤᠷᠢ ᠢᠢᠨ ᠪᠦᠯᠦᠭ ᠦᠨ ᠳᠠᠷᠤᠭ᠎ᠠ ᠪᠠᠷ ᠠᠵᠢᠯᠯᠠᠵᠤ ᠪᠠᠢᠢᠬᠤ ᠳᠤ ᠪᠠᠨ ᠬᠣᠶᠠᠷ ᠬᠦᠮᠦᠨ ᠦ ᠠᠮᠢ ᠨᠠᠰᠤ ᠢᠢ᠂ 2021 ᠣᠨ ᠳᠤ ᠪᠠᠲᠤᠨᠣᠷᠪᠤ ᠰᠤᠮᠤᠨ ᠳᠤ ᠭᠠᠷᠤᠭᠰᠠᠨ ᠬᠡᠭᠡᠷ᠎ᠡ ᠢᠢᠨ ᠲᠦᠢᠮᠡᠷ ᠦᠨ ᠦᠶ᠎ᠡ ᠪᠡᠷ ᠠᠯᠪᠠ ᠬᠠᠭᠠᠭᠴᠢᠳ ᠤᠨ ᠢᠶᠠᠨ ᠬᠠᠮᠲᠤ ᠳᠣᠯᠣᠭᠠᠨ ᠢᠷᠭᠡᠨ ᠦ ᠠᠮᠢ ᠨᠠᠰᠤ᠂ 2᠂500 ᠭᠠᠷᠤᠢ ᠲᠣᠯᠣᠭᠠᠢ ᠮᠠᠯ ᠢ ᠠᠪᠤᠷᠠᠨ ᠬᠠᠮᠠᠭᠠᠯᠠᠭᠰᠠᠨ ᠪᠠᠢᠢᠨ᠎ᠠ᠃ ᠠᠬᠠᠮᠠᠳ ᠲ᠂ ᠣᠳᠣᠨᠬᠦᠦ ᠨᠢ ᠣᠨᠴᠤᠭᠤᠢ ᠪᠠᠢᠢᠳᠠᠯ ᠤᠨ ᠠᠯᠪᠠᠨ ᠠᠴᠠ ᠴᠡᠩᠬᠡᠷ ᠳᠠᠭᠤᠯᠭᠠᠲᠠᠨ ᠨᠤᠭᠤᠳ ᠤᠨ ᠡᠩᠨᠡᠭᠡᠨ ᠳᠥ ᠨᠢᠭᠡᠳᠦᠭᠰᠡᠨ ᠡᠩᠬᠡ ᠢᠢ ᠰᠠᠬᠢᠭᠤᠯᠤᠭᠴᠢᠳ ᠤᠨ ᠨᠢᠭᠡ ᠶᠤᠮ᠃