Та "Internet explorer"-ийн сүүлийн хувилбар болох "Microsoft edge"-г ашиглана уу

Хэрэв "Microsoft edge"-г татах бол энд дарж татаж авна уу

ᠡᠨᠡ ᠣᠨ ᠳᠤ 185 ᠮᠢᠩ᠋ᠭᠠᠨ ᠭᠠ‍᠂ ᠲᠠᠯᠠᠪᠠᠢ ᠢᠢᠨ ᠣᠢ ᠢᠢᠨ ᠬᠥᠨᠥᠭᠡᠯᠲᠦ ᠰᠢᠪᠠᠵᠢ ᠲᠠᠢ ᠲᠡᠮᠡᠴᠡᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠠᠭᠤᠯᠠ ᠠᠭᠤᠷᠬᠠᠢ ᠢᠢᠨ ᠨᠥᠬᠥᠨ ᠰᠡᠷᠭᠦᠭᠡᠯᠲᠡ᠂ ᠣᠢ ᠢᠢᠨ ᠬᠥᠨᠥᠭᠡᠯᠲᠦ ᠰᠢᠪᠠᠵᠢ ᠤᠰᠠᠳᠬᠠᠯ ᠪᠣᠯᠤᠨ ᠮᠣᠳᠣ ᠦᠷᠡᠵᠢᠭᠦᠯᠭᠡ ᠢᠢᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠢᠢᠨ ᠨᠢᠭᠡᠴᠡ ᠨᠦᠭᠦᠳ ᠲᠥ ᠠᠵᠢᠯᠯᠠᠵᠤ ᠪᠠᠢᠢᠨ᠎ᠠ᠃

ᠪᠤᠯᠠᠭᠠᠨ ᠠᠢᠢᠮᠠᠭ ᠤᠨ ᠪᠥᠷᠥᠭᠬᠠᠩ᠋ᠭᠠᠢ ᠰᠤᠮᠤ ᠢᠢᠨ ᠨᠤᠲᠤᠭ ᠲᠤ ᠣᠢ ᠢᠢᠨ ᠬᠥᠨᠥᠭᠡᠯᠲᠦ ᠰᠢᠪᠠᠵᠢ ᠲᠠᠢ ᠠᠭᠠᠷ ᠠᠴᠠ ᠲᠡᠮᠡᠴᠡᠵᠦ ᠪᠠᠢᠢᠭ᠎ᠠ ᠠᠵᠢᠯ ᠤᠨ ᠶᠠᠪᠤᠴᠠ ᠢᠢᠨ ᠲᠠᠯ᠎ᠠ ᠪᠠᠷ ᠣᠢ ᠢᠢᠨ ᠭᠠᠵᠠᠷ ᠤᠨ ᠣᠢᠢᠵᠢᠭᠤᠯᠤᠯᠲᠠ᠂ ᠨᠥᠬᠥᠨ ᠰᠡᠷᠭᠦᠭᠡᠯᠲᠡ ᠢᠢᠨ ᠬᠡᠯᠲᠡᠰ ᠦᠨ ᠳᠠᠷᠤᠭ᠎ᠠ ᠪ᠂ ᠭᠠᠩᠵᠣᠷᠢᠭ ᠲᠠᠨᠢᠯᠴᠠᠭᠤᠯᠪᠠ᠃
ᠡᠨᠡ ᠵᠢᠯ ᠤᠯᠤᠰ ᠤᠨ ᠲᠥᠰᠥᠪ ᠦᠨ ᠶᠢᠰᠦᠨ ᠲᠡᠷᠪᠤᠮ᠂ ᠷᠢᠣ‍- ᠲᠢᠨᠲ᠋ᠣ‍ ᠺᠣᠮᠫᠠᠨᠢ ᠲᠠᠢ ᠬᠠᠮᠲᠤᠷᠠᠵᠤ ᠭᠤᠷᠪᠠᠨ ᠲᠡᠷᠪᠤᠮ᠂ ᠨᠡᠢᠢᠲᠡ 13 ᠣᠷᠴᠢᠮ ᠲᠡᠷᠪᠤᠮ ᠲᠥᠭᠥᠷᠢᠭ᠌ ᠢ ᠬᠥᠨᠥᠭᠡᠯᠲᠦ ᠰᠢᠪᠠᠵᠢ ᠲᠠᠢ ᠲᠡᠮᠡᠴᠡᠬᠦ ᠳᠥ ᠵᠠᠷᠤᠴᠠᠭᠤᠯᠤᠨ᠎ᠠ᠃ ᠥᠨᠥᠳᠥᠷ ᠦᠨ ᠪᠠᠢᠢᠳᠠᠯ ᠢᠶᠠᠷ ᠡᠨᠡ ᠠᠵᠢᠯ 20 ᠭᠠᠷᠤᠢ ᠬᠤᠪᠢ ᠲᠠᠢ ᠪᠠᠢᠢᠨ᠎ᠠ᠃

ᠬᠥᠨᠥᠭᠡᠯᠲᠦ ᠰᠢᠪᠠᠵᠢ ᠢᠳᠡᠪᠬᠢᠵᠢᠬᠦ ᠤᠯᠠᠷᠢᠯ ᠡᠬᠢᠯᠡᠵᠦ ᠪᠠᠢᠢᠭ᠎ᠠ ᠲᠠᠢ ᠬᠣᠯᠪᠣᠭᠳᠠᠭᠤᠯᠤᠨ 《ᠲᠣᠮᠠᠰ ᠡᠢᠢᠷ》 ᠡᠨᠡ ᠺᠣᠮᠫᠠᠨᠢ ᠢᠢᠨ 《ᠡᠢᠢᠷ ᠲᠷᠠᠺᠲ᠋ᠣᠷ AT-602》 ᠮᠠᠷᠺ ᠤᠨ ᠣᠩ᠋ᠭᠣᠴᠠ ᠪᠠᠷ ᠠᠭᠠᠷ ᠠᠴᠠ ᠲᠡᠮᠡᠴᠡᠵᠦ ᠡᠬᠢᠯᠡᠭᠡᠳ ᠪᠠᠢᠢᠨ᠎ᠠ᠃

ᠡᠨᠡ ᠣᠩ᠋ᠭᠣᠴᠠ ᠨᠢᠭᠡ ᠤᠳᠠᠭ᠎ᠠ ᠢᠢᠨ ᠨᠢᠰᠦᠯᠭᠡ ᠪᠡᠷ 3᠂2 ᠲᠣᠨᠨ‍᠂ ᠪᠡᠯᠡᠳᠦᠮᠡᠯ ᠠᠪᠴᠤ᠂ 900 ᠺᠢᠯᠣᠮᠧᠲ᠋ᠷ ᠦᠨ ᠠᠯᠤᠰᠯᠠᠯᠲᠠ ᠲᠠᠢ᠂ 500-700 ᠭᠠ‍᠂ ᠭᠠᠵᠠᠷ ᠲᠤ ᠬᠣᠣᠷ ᠴᠠᠴᠤᠬᠤ ᠬᠦᠴᠦᠨ ᠴᠢᠳᠠᠯ ᠲᠠᠢ ᠶᠤᠮ᠃ ᠮᠥᠨ 《ᠭᠷᠠᠨᠳ᠋ ᠹᠣᠷᠧᠰᠲ》ᠬᠢᠵᠠᠭᠠᠷᠯᠠᠭᠳᠠᠮᠠᠯ ᠬᠠᠷᠢᠭᠤᠴᠠᠯᠭᠠᠲᠠᠢ ᠺᠤᠮᠫᠠᠨᠢ ᠳᠷᠤᠨ ᠠᠰᠢᠭᠯᠠᠨ ᠣᠢ ᠢᠢᠨ ᠬᠥᠨᠥᠭᠡᠯᠲᠦ ᠰᠢᠪᠠᠵᠢ ᠲᠠᠢ ᠲᠡᠮᠡᠴᠡᠬᠦ ᠲᠤᠷᠰᠢᠯᠲᠠ ᠬᠢᠵᠦ ᠡᠬᠢᠯᠡᠵᠡᠢ᠃ ᠳᠠᠷᠠᠨ ᠨᠢ ᠨᠢᠭᠡ ᠤᠳᠠᠭ᠎ᠠ ᠨᠢᠰᠬᠦ ᠳᠥ ᠪᠡᠨ 27 ᠭᠠ‍᠂ ᠲᠠᠯᠠᠪᠠᠢ ᠳᠤ ᠪᠣᠳᠠᠰ ᠴᠠᠴᠤᠬᠤ ᠬᠦᠴᠦᠨ ᠴᠢᠳᠠᠯ ᠲᠠᠢ ᠪᠥᠭᠡᠳ ᠨᠢᠰᠬᠦ ᠣᠩ᠋ᠭᠣᠴᠠ ᠲᠠᠢ ᠬᠠᠷᠢᠴᠠᠭᠤᠯᠬᠤ ᠳᠤ ᠵᠠᠷᠤᠳᠠᠯ ᠡᠷᠡᠰ ᠪᠠᠭ᠎ᠠ ᠶᠤᠮ ᠪᠠᠢᠢᠨ᠎ᠠ᠃

ᠮᠣᠩ᠋ᠭᠣᠯ ᠤᠯᠤᠰ ᠲᠤ ᠶᠠᠺᠣᠪᠰᠣᠨ ᠤ ᠲᠥᠭᠡᠯᠡᠭᠦᠷ᠂ ᠰᠢᠪᠢᠷᠢ ᠢᠢᠨ ᠬᠦᠷᠦ᠂ ᠥᠷᠥᠭᠡᠰᠦᠭᠡᠯ ᠬᠦᠷᠦ᠂ ᠡᠭᠡᠯ ᠪᠡᠢᠢᠷᠡᠨ ᠰᠡᠭᠦᠯ ᠳᠥ᠂ ᠪᠤᠷᠭᠠᠰᠤᠨ ᠤ ᠬᠦᠷᠦ᠂ ᠮᠣᠨᠣᠰᠣᠨ ᠤ ᠪᠦᠭᠡᠭ᠌᠂ ᠰᠢᠨᠡᠰᠥᠨ ᠦ ᠰᠢᠯᠮᠦᠦᠰᠦ ᠬᠤᠢᠢᠯᠠᠭᠴᠢ ᠰᠢᠪᠠᠵᠢ ᠵᠣᠩᠬᠢᠯᠠᠨ ᠲᠠᠷᠬᠠᠭᠰᠠᠨ᠃

ᠠᠷᠤᠬᠠᠩ᠋ᠭᠠᠢ᠂ ᠪᠤᠯᠠᠭᠠᠨ᠂ ᠳᠠᠷᠬᠠᠨ-ᠠᠭᠤᠯᠠ᠂ ᠳᠣᠷᠣᠨᠠᠲᠤ᠂ ᠵᠠᠪᠬᠠᠨ ᠵᠡᠷᠭᠡ 12 ᠠᠢᠢᠮᠠᠭ ᠤᠨ 81 ᠰᠤᠮᠤ᠂ ᠤᠯᠠᠭᠠᠨᠪᠠᠭᠠᠲᠤᠷ ᠬᠣᠲᠠ ᠢᠢᠨ ᠨᠣᠭᠣᠭᠠᠨ ᠪᠦᠰ᠂ ᠪᠣᠭᠳᠠ ᠬᠠᠨ ᠠᠭᠤᠯᠠ ᠢᠢᠨ ᠳᠠᠷᠬᠠᠨ ᠴᠠᠭᠠᠵᠠᠲᠤ ᠭᠠᠵᠠᠷ᠂ ᠭᠣᠷᠭᠢ-ᠲᠡᠷᠡᠯᠵᠢ ᠢᠢᠨ ᠪᠠᠢᠢᠭᠠᠯ ᠤᠨ ᠴᠣᠭᠴᠠᠯᠠᠪᠤᠷᠢ ᠭᠠᠵᠠᠷ ᠭᠡᠳ ᠨᠡᠢᠢᠲᠡ 1᠂5 ᠣᠷᠴᠢᠮ ᠰᠠᠶ᠎ᠠ ᠭᠠ‍᠂ ᠲᠠᠯᠠᠪᠠᠢ ᠳᠤ ᠲᠠᠷᠬᠠᠭᠰᠠᠨ᠃ ᠡᠭᠦᠨ ᠡᠴᠡ 732 ᠮᠢᠩ᠋ᠭᠠᠨ ᠭᠠ‍᠂ ᠲᠠᠯᠠᠪᠠᠢ ᠭᠣᠯᠣᠮᠲᠠ ᠲᠠᠢ ᠭᠡᠰᠡᠨ ᠰᠤᠳᠤᠯᠭ᠎ᠠ ᠭᠠᠷᠴᠠᠢ᠃


《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠮᠣᠳᠣ ᠲᠠᠷᠢᠵᠤ ᠤᠷᠭᠤᠭᠤᠯᠬᠤ ᠢᠢᠨ ᠵᠡᠷᠭᠡᠴᠡᠭᠡ ᠣᠢ ᠮᠣᠳᠣ ᠪᠠᠨ ᠬᠥᠨᠥᠭᠡᠯᠲᠦ ᠰᠢᠪᠠᠵᠢᠨ ᠠᠴᠠ ᠬᠠᠮᠠᠭᠠᠯᠠᠬᠤ᠂ ᠤᠰᠠᠳᠬᠠᠯ ᠢ ᠴᠠᠭ ᠬᠤᠭᠤᠴᠠᠭᠠᠨ ᠳᠤ ᠨᠢ ᠴᠢᠨᠠᠷᠲᠠᠢ ᠬᠢᠬᠦ᠂ ᠨᠥᠬᠥᠨ ᠰᠡᠷᠭᠦᠭᠡᠬᠦ ᠳᠥ ᠣᠨᠴᠤᠭᠤᠢ ᠠᠩᠬᠠᠷᠬᠤ ᠬᠡᠷᠡᠭᠲᠡᠢ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠬᠡᠯᠡᠪᠡ᠃

ᠮᠥᠨ ᠤᠯᠤᠰ ᠤᠨ ᠲᠥᠰᠥᠪ ᠦᠨ ᠬᠥᠷᠥᠩ᠋ᠭᠡ ᠢᠢ ᠨᠡᠮᠡᠭᠳᠡᠭᠦᠯᠬᠦ᠂ ᠡᠨᠡ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠢᠢᠨ ᠨᠢᠭᠡᠴᠡ ᠨᠦᠭᠦᠳ ᠢᠶᠡᠨ ᠳᠡᠮᠵᠢᠬᠦ ᠱᠠᠭᠠᠷᠳᠠᠯᠭ᠎ᠠ ᠲᠠᠢ ᠭᠡᠯ᠎ᠡ᠃

ᠤᠯᠤᠰ ᠤᠨ ᠬᠡᠮᠵᠢᠶᠡᠨ ᠳᠥ ᠣᠢ ᠢᠢᠨ ᠬᠥᠨᠥᠭᠡᠯᠲᠦ ᠰᠢᠪᠠᠵᠢ ᠲᠠᠢ ᠲᠡᠮᠡᠴᠡᠬᠦ 30 ᠣᠷᠴᠢᠮ ᠪᠦᠷᠢᠳᠬᠡᠯ ᠲᠡᠢ ᠠᠵᠤ ᠠᠬᠤᠢ ᠢᠢᠨ ᠨᠢᠭᠡᠴᠡ ᠢᠢᠨ 20 ᠣᠷᠴᠢᠮ ᠨᠢ ᠲᠣᠭᠲᠠᠮᠠᠯ ᠦᠢᠯᠡ ᠠᠵᠢᠯᠯᠠᠭ᠎ᠠ ᠶᠠᠪᠤᠭᠤᠯᠵᠤ ᠪᠠᠢᠢᠨ᠎ᠠ᠃