ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠲᠥᠪ ᠠᠢᠢᠮᠠᠭ ᠤᠨ ᠵᠠᠭᠠᠮᠠᠷ ᠰᠤᠮᠤ ᠢᠢᠨ ᠨᠤᠲᠤᠭ ᠲᠤ ᠦᠢᠯᠡ ᠠᠵᠢᠯᠯᠠᠭ᠎ᠠ ᠶᠠᠪᠤᠭᠤᠯᠳᠠᠭ 《ᠮᠣᠩᠫᠣᠯᠢᠮᠧᠲ᠋》ᠬᠢᠵᠠᠭᠠᠷᠯᠠᠬᠳᠠᠮᠠᠯ ᠬᠠᠷᠢᠭᠤᠴᠠᠯᠭᠠᠲᠠᠢ ᠺᠤᠮᠫᠠᠨᠢ ᠍ ᠦᠨ ᠲᠣᠰᠤᠨ ᠦᠢᠯᠡᠳᠪᠦᠷᠢ ᠲᠥ ᠠᠵᠢᠯᠯᠠᠯ᠎ᠠ᠃
ᠲᠤᠰ ᠺᠣᠮᠫᠠᠨᠢ ᠦᠢᠯᠡ ᠠᠵᠢᠯᠯᠠᠭ᠎ᠠ ᠢᠢ ᠪᠠᠨ ᠡᠬᠢᠯᠡᠭᠰᠡᠨ ᠴᠠᠭ ᠠᠴᠠ ᠬᠣᠢᠢᠰᠢ ᠨᠥᠬᠥᠨ ᠰᠡᠷᠭᠦᠭᠡᠯᠲᠡ ᠢᠢᠨ ᠪᠣᠳᠣᠯᠭ᠎ᠠ ᠢᠢ ᠡᠩ ᠲᠡᠷᠢᠭᠦᠨ ᠳᠥ ᠪᠠᠷᠢᠮᠲᠠᠯᠠᠵᠤ᠂ ᠲᠣᠰᠤᠨ ᠦᠢᠯᠡᠳᠪᠦᠷᠢ ᠪᠡᠨ ᠨᠥᠬᠥᠨ ᠰᠡᠷᠭᠦᠭᠡᠯᠲᠡ ᠢᠢᠨ ᠰᠤᠷᠭᠠᠯᠲᠠ ᠢᠢᠨ ᠪᠠᠭᠠᠵᠢ ᠪᠣᠯᠭᠠᠨ ᠬᠥᠭ᠍ᠵᠢᠭᠦᠯᠵᠡᠢ᠃
2001 ᠣᠨ ᠳᠤ 16 ᠭᠠ᠂ ᠲᠠᠯᠠᠪᠠᠢ ᠳᠤ ᠲᠣᠰᠤᠨ ᠨᠡᠷᠡᠲᠡᠢ ᠨᠠᠭᠤᠷ ᠪᠠᠢᠢᠭᠤᠯᠵᠤ 2011 ᠣᠨ ᠳᠤ ᠭᠠᠳᠠᠷᠭᠤ ᠢᠢᠨ ᠤᠰᠤᠨ ᠤ ᠨᠥᠭᠡᠴᠡ ᠳ᠋ᠥ ᠪᠦᠷᠢᠳᠬᠡᠭᠦᠯᠦᠭᠰᠡᠨ ᠪᠠᠢᠢᠨ᠎ᠠ᠃ ᠡᠨᠡ ᠨᠠᠭᠤᠷ ᠴᠤᠷᠬᠠᠢ᠂ ᠵᠢᠪᠡᠭᠡ᠂ ᠠᠯᠠᠭᠠᠨ᠎ᠠ ᠵᠡᠷᠭᠡ ᠲᠠᠪᠤᠨ ᠲᠥᠷᠦᠯ ᠦᠨ ᠵᠢᠭᠠᠰᠤ ᠲᠠᠢ᠂ ᠨᠤᠭᠤᠰᠤ᠂ ᠬᠤᠨ᠂ ᠭᠠᠯᠠᠭᠤ᠂ ᠳᠡᠭᠡᠯᠡᠢ ᠵᠡᠷᠭᠡ ᠨᠠᠢᠮᠠᠨ ᠵᠦᠢᠯ ᠦᠨ ᠤᠰᠤᠨ ᠤ ᠰᠢᠪᠠᠭᠤᠳ ᠵᠤᠰᠠᠳᠠᠭ᠂ ᠴᠡᠪᠡᠷ ᠤᠰᠤᠨ ᠤ ᠠᠨᠠᠯᠢᠽᠠᠲ᠋ᠣᠷ ᠭᠡᠭ᠍ᠳᠡᠳᠡᠭ ᠣᠨᠳᠠᠲ᠋ᠷ ᠠᠮᠢᠳᠤᠷᠠᠳᠠᠭ᠃
ᠮᠣᠳᠣ ᠦᠷᠡᠵᠢᠭᠦᠯᠭᠡ ᠢᠢᠨ ᠭᠠᠵᠠᠷ ᠲᠤ ᠪᠠᠨ 400 ᠭᠠᠷᠤᠢ ᠮᠢᠩ᠋ᠭᠠᠨ ᠮᠣᠳᠣ ᠦᠷᠡᠵᠢᠭᠦᠯᠦᠭᠰᠡᠨ ᠡᠴᠡ 300 ᠮᠢᠩ᠋ᠭ᠎ᠠ ᠭᠠᠷᠤᠢ ᠢᠢ ᠨᠢ ᠲᠠᠷᠢᠵᠤ᠂ ᠤᠷᠭᠤᠭᠤᠯᠤᠨ᠂ ᠣᠢ ᠢᠢᠨ ᠳᠣᠯᠣᠭᠠᠨ ᠲᠥᠭᠡᠯ ᠪᠠᠢᠢᠭᠤᠯᠤᠭᠰᠠᠨ ᠪᠠᠢᠢᠨ᠎ᠠ᠃ ᠮᠥᠨ ᠮᠣᠳᠣ ᠲᠠᠷᠢᠵᠤ᠂ ᠤᠷᠭᠤᠭᠤᠯᠬᠤ ᠬᠦᠰᠡᠯ ᠲᠡᠢ ᠠᠵᠤ ᠠᠬᠤᠢ ᠢᠢᠨ ᠨᠢᠭᠡᠴᠡ᠂ ᠢᠷᠭᠡᠳ ᠢ ᠳᠡᠮᠵᠢᠨ 100 ᠭᠠᠷᠤᠢ ᠮᠢᠩ᠋ᠭᠠᠨ ᠮᠣᠳᠣ ᠪᠡᠯᠡᠭᠯᠡᠵᠦ᠂ ᠬᠠᠨᠳᠢᠪᠯᠠᠵᠠᠢ᠃
ᠠᠭᠤᠯᠠ ᠠᠭᠤᠷᠬᠠᠢ ᠢᠢᠨ ᠨᠥᠬᠥᠨ ᠰᠡᠷᠭᠦᠭᠡᠯᠲᠡ ᠳᠥ ᠳᠤᠰᠤᠯ ᠤᠨ ᠤᠰᠤᠯᠠᠭᠠᠨ ᠤ ᠰᠢᠰᠲ᠋ᠧᠮ ᠢ ᠤᠯᠤᠰ ᠲᠤ ᠪᠠᠨ ᠠᠩᠬ᠎ᠠ ᠤᠳᠠᠭ᠎ᠠ ᠨᠡᠪᠲᠡᠷᠡᠭᠦᠯᠵᠦ᠂ ᠬᠥᠳᠡᠭᠡ ᠠᠵᠤ ᠠᠬᠤᠢ ᠢᠢᠨ ᠶᠡᠬᠡ ᠰᠤᠷᠭᠠᠭᠤᠯᠢ ᠦᠨ 《ᠢᠨᠨᠣᠸᠠᠼ ᠪᠢᠽᠢᠨ᠋ᠧᠰ ᠬᠥᠭ᠍ᠵᠢᠯ ᠦᠨ ᠲᠥᠪ》 ᠍ ᠲᠡᠢ ᠬᠠᠮᠲᠤᠷᠠᠨ ᠪᠢᠣ ᠨᠡᠭᠦᠷᠡᠰᠦᠨ ᠪᠣᠷᠲᠣᠭᠣ ᠬᠢᠬᠦ ᠲᠧᠭᠨᠣᠯᠣᠭᠢ ᠠᠰᠢᠭᠯᠠᠨ ᠵᠢᠯ ᠦᠨ ᠳᠥᠷᠪᠡᠨ ᠤᠯᠠᠷᠢᠯ ᠳᠤ ᠮᠣᠳᠣ᠂ ᠪᠤᠲᠠ ᠲᠠᠷᠢᠵᠤ᠂ ᠤᠷᠭᠤᠭᠤᠯᠵᠤ ᠪᠠᠢᠢᠨ᠎ᠠ᠃ 《ᠮᠣᠩᠫᠣᠯᠢᠮᠧᠲ᠋》 ᠨᠢ 《ᠠᠭᠤᠯᠠ ᠠᠭᠤᠷᠬᠠᠢ ᠢᠢᠨ ᠰᠠᠯᠪᠤᠷᠢ ᠢᠢᠨ ᠲᠡᠷᠢᠭᠦᠨ ᠦ ᠨᠥᠬᠥᠨ ᠰᠡᠷᠭᠦᠭᠡᠭ᠍ᠴᠢ》 ᠠᠵᠤ ᠠᠬᠤᠢ ᠢᠢᠨ ᠨᠢᠭᠡᠴᠡ ᠪᠡᠷ 20 ᠭᠠᠷᠤᠢ ᠤᠳᠠᠭ᠎ᠠ ᠰᠢᠯᠭᠠᠷᠠᠵᠠᠢ᠃