ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠲᠥᠪ ᠠᠢᠢᠮᠠᠭ ᠤᠨ ᠪᠠᠶᠠᠨᠴᠢᠨᠳᠠᠮᠠᠨᠢ ᠰᠤᠮᠤ᠂ 《ᠰᠣᠶᠣᠭᠠᠯᠠᠵᠢ》 ᠬᠢᠵᠠᠭᠠᠷᠯᠠᠬᠳᠠᠮᠠᠯ ᠬᠠᠷᠢᠭᠤᠴᠠᠯᠭᠠᠲᠠᠢ ᠺᠤᠮᠫᠠᠨᠢ ᠍ ᠦᠨ ᠮᠣᠳᠣ ᠦᠷᠡᠵᠢᠭᠦᠯᠭᠡ ᠢᠢᠨ ᠭᠠᠵᠠᠷ ᠲᠤ ᠠᠵᠢᠯᠯᠠᠯ᠎ᠠ᠃
50 ᠭᠠ᠂ ᠲᠠᠯᠠᠪᠠᠢ ᠪᠦᠬᠦᠢ ᠡᠨᠡ ᠭᠠᠵᠠᠷ ᠲᠤ 15 ᠲᠥᠷᠥᠯ ᠦᠨ ᠮᠣᠳᠣ᠂ ᠪᠤᠲᠠ ᠦᠷᠡᠵᠢᠭᠦᠯᠳᠡᠭ ᠪᠥᠭᠡᠳ ᠤᠰᠤᠨ ᠰᠠᠩ᠂ ᠦᠷᠡᠰᠯᠡᠭᠡᠨ ᠦ ᠬᠦᠯᠡᠮᠵᠢ᠂ ᠤᠰᠤᠯᠠᠭᠠᠨ ᠤ ᠰᠢᠰᠲ᠋ᠧᠮ᠂ ᠴᠠᠬᠢᠯᠭᠠᠨ ᠳᠡᠳ᠋ ᠪᠦᠲᠦᠴᠡ᠂ ᠤᠷᠭᠤᠮᠠᠯ ᠪᠣᠯᠤᠨ ᠦᠷ᠎ᠡ ᠬᠠᠳᠠᠭᠠᠯᠠᠬᠤ ᠵᠣᠭᠣᠷᠢ᠂ ᠠᠭᠤᠯᠬᠤ ᠵᠡᠷᠭᠡ ᠢᠢ ᠴᠣᠭᠴᠠ ᠪᠠᠷ ᠨᠢ ᠰᠢᠢᠳᠬᠦ ᠳᠥ 2.7 ᠲᠡᠷᠪᠤᠮ ᠲᠥᠭᠥᠷᠢᠭ᠌ ᠦᠨ ᠬᠥᠷᠥᠩ᠋ᠭᠡ ᠵᠠᠷᠤᠴᠠᠭᠤᠯᠵᠠᠢ᠃
ᠤᠰᠤᠯᠠᠭᠠᠨ ᠤ ᠰᠢᠰᠲ᠋ᠧᠮ ᠨᠢ ᠭᠡᠬᠦ ᠳᠥ ᠯᠠ 3᠂000 ᠮ᠂ ᠺᠦᠪ ᠤᠰᠤᠨ ᠰᠠᠩ᠋ ᠢᠢᠠᠷ ᠳᠠᠮᠵᠢᠭᠤᠯᠤᠨ 14 ᠪᠣᠢᠢᠵᠢᠭᠤᠯᠬᠤ ᠲᠠᠯᠠᠪᠠᠢ ᠳᠤ ᠤᠰᠤᠯᠠᠭ᠎ᠠ ᠬᠢᠬᠦ ᠬᠦᠴᠦᠨ ᠴᠢᠳᠠᠯ ᠲᠠᠢ᠃ 8᠂000 ᠮ᠂ ᠺᠸᠠᠳ᠋ᠷᠠᠲ ᠲᠠᠯᠠᠪᠠᠢ ᠲᠠᠢ ᠬᠦᠯᠡᠮᠵᠢ ᠳᠥ ᠨᠢᠭᠡ ᠵᠡᠷᠭᠡ 20 ᠰᠠᠶ᠎ᠠ ᠮᠣᠳᠣ᠂ ᠪᠤᠲᠠ ᠦᠷᠡᠰᠯᠡᠭᠦᠯᠬᠦ ᠪᠣᠯᠤᠮᠵᠢ ᠲᠠᠢ ᠪᠥᠭᠡᠳ ᠣᠳᠣ ᠪᠠᠷ ᠨᠡᠢᠢᠲᠡ 50 ᠭᠠ᠂ ᠲᠠᠯᠠᠪᠠᠢ ᠢᠢᠨ 70 ᠬᠤᠪᠢ ᠢᠢ ᠪᠦᠷᠢᠨ ᠠᠰᠢᠭᠯᠠᠵᠤ ᠪᠠᠢᠢᠨ᠎ᠠ᠃ ᠮᠣᠳᠣᠨ ᠤ ᠦᠨᠳᠦᠰᠦ ᠢᠢ ᠭᠡᠮᠲᠦᠭᠡᠬᠦ ᠦᠭᠡᠢ ᠪᠡᠷ ᠤᠬᠤᠵᠤ ᠠᠪᠳᠠᠭ ᠪᠣᠯᠤᠨ ᠣᠯᠠᠨ ᠦᠢᠯᠡᠳᠦᠯ ᠭᠦᠢᠴᠡᠳᠭᠡᠬᠦ ᠪᠣᠯᠤᠮᠵᠢ ᠲᠠᠢ ᠲᠧᠭᠨᠢᠭ᠂ 20 ᠲᠣᠨᠨ᠂ ᠪᠠᠭᠲᠠᠭᠠᠮᠵᠢᠲᠠᠢ ᠤᠰᠤᠯᠠᠭᠠᠨ ᠤ ᠮᠠᠰᠢᠨ ᠢ ᠤᠯᠤᠰ ᠲᠤ ᠪᠠᠨ ᠠᠩᠬᠠᠯᠠᠨ ᠠᠰᠢᠭᠯᠠᠵᠤ ᠡᠬᠢᠯᠡᠵᠡᠢ᠃
ᠣᠳᠣ ᠪᠠᠷ ᠰᠢᠯᠵᠢᠭᠦᠯᠦᠨ ᠰᠠᠭᠤᠯᠭᠠᠬᠤ ᠳᠤ ᠪᠡᠯᠡᠨ 20 ᠰᠠᠶ᠎ᠠ ᠮᠣᠳᠣ᠂ ᠪᠤᠲᠠᠨ ᠤ ᠲᠠᠷᠢᠴᠠ᠂ ᠣᠢᠢᠵᠢᠭᠤᠯᠤᠯᠲᠠ ᠳᠤ ᠵᠣᠷᠢᠭᠤᠯᠤᠭᠰᠠᠨ ᠭᠤᠷᠪᠠᠨ ᠰᠠᠶ᠎ᠠ ᠮᠣᠳᠣᠨ ᠤ ᠨᠥᠭᠡᠴᠡ ᠲᠡᠢ᠃ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ ᠤ ᠰᠤᠳᠤᠯᠭ᠎ᠠ ᠪᠠᠷ ᠣᠢ ᠢᠢᠨ ᠮᠡᠷᠭᠡᠵᠢᠯ ᠦᠨ ᠪᠠᠢᠢᠭᠤᠯᠤᠯᠭ᠎ᠠ ᠢᠢᠨ ᠲᠠᠷᠢᠴᠠ᠂ ᠰᠠᠭᠤᠯᠭᠠᠴᠠ ᠢᠢᠨ ᠨᠥᠭᠡᠴᠡ ᠢᠢᠨ 70 ᠬᠤᠪᠢ ᠢᠢ 《ᠰᠣᠶᠣᠭᠠᠯᠠᠵᠢ》 ᠬᠢᠵᠠᠭᠠᠷᠯᠠᠬᠳᠠᠮᠠᠯ ᠬᠠᠷᠢᠭᠤᠴᠠᠯᠭᠠᠲᠠᠢ ᠺᠤᠮᠫᠠᠨᠢ ᠳᠠᠩ ᠢᠶᠠᠷ ᠪᠦᠷᠢᠳᠦᠭᠦᠯᠵᠦ ᠪᠠᠢᠢᠨ᠎ᠠ᠃
ᠲᠤᠰ ᠺᠣᠮᠫᠠᠨᠢ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠬᠦᠷᠢᠶᠡᠨ ᠳᠥ ᠤᠯᠠᠭᠠᠨᠪᠠᠭᠠᠲᠤᠷ-ᠳᠠᠷᠬᠠᠨ ᠴᠢᠭᠯᠡᠯ ᠦᠨ ᠠᠦ᠋ᠲ᠋ᠣᠵᠠᠮ ᠳᠠᠭᠠᠭᠤ ᠲᠠᠪᠤᠨ ᠭᠠᠵᠠᠷ ᠲᠤ ᠣᠢᠢᠵᠢᠭᠤᠯᠤᠯᠲᠠ ᠢᠢᠨ ᠲᠥᠰᠥᠯ ᠬᠡᠷᠡᠭᠵᠢᠭᠦᠯᠬᠦ ᠪᠡᠷ ᠲᠥᠯᠥᠪᠯᠡᠭᠰᠡᠨ᠃ ᠨᠢᠭᠡ ᠭᠠᠵᠠᠷ ᠨᠢ 20-30 ᠭᠠ᠂ ᠲᠠᠯᠠᠪᠠᠢ ᠲᠠᠢ ᠪᠠᠢᠢᠬᠤ ᠪᠥᠭᠡᠳ ᠭᠤᠷᠪᠠᠨ ᠵᠢᠯ ᠦᠨ ᠬᠤᠭᠤᠴᠠᠭᠠᠨ ᠳᠤ 25-30 ᠮᠢᠩ᠋ᠭᠠᠨ ᠮᠣᠳᠣ᠂ ᠨᠡᠢᠢᠲᠡ 150 ᠮᠢᠩ᠋ᠭᠠᠨ ᠮᠣᠳᠣ ᠲᠠᠷᠢᠬᠤ ᠲᠥᠰᠥᠯ ᠪᠣᠯᠪᠠᠰᠤᠷᠠᠭᠤᠯᠤᠭᠰᠠᠨ ᠪᠠᠢᠢᠨ᠎ᠠ᠃
ᠮᠥᠨ ᠭᠠᠵᠠᠷ ᠢ ᠨᠢ ᠰᠢᠢᠳᠴᠦ ᠥᠭ᠍ᠪᠡᠯ ᠨᠡᠢᠢᠰᠯᠡᠯ ᠦᠨ ᠪᠠᠶᠠᠨᠭᠤᠤᠯ ᠳᠡᠭᠦᠷᠭᠡ ᠪᠣᠯᠤᠨ ᠰᠡᠯᠪᠢ ᠭᠣᠣᠯ ᠤᠨ ᠡᠷᠭᠢ᠂ ᠵᠠᠢᠢᠰᠠᠩ ᠤᠨ ᠭᠦᠭᠦᠷᠭᠡᠨ ᠡᠴᠡ ᠰᠣᠨᠣᠰᠬᠤᠯᠠᠩ ᠤᠨ ᠭᠦᠭᠦᠷᠭᠡ ᠬᠦᠷᠲᠡᠯ᠎ᠡ ᠲᠤᠰ ᠪᠦᠷᠢ 10-15 ᠭᠠ᠂ ᠭᠠᠵᠠᠷ ᠲᠤ ᠺᠣᠨᠼᠧᠰᠰ ᠡᠰᠡᠪᠡᠯ ᠰᠢᠭᠤᠳ ᠭᠡᠷ᠎ᠡ ᠪᠡᠷ ᠬᠣᠶᠠᠷ ᠵᠢᠯ ᠦᠨ ᠬᠤᠭᠤᠴᠠᠭᠠᠨ ᠳᠤ ᠴᠡᠴᠡᠷᠯᠢᠭ ᠲᠥ ᠬᠦᠷᠢᠶᠡᠯᠡᠩ ᠪᠠᠢᠢᠭᠤᠯᠬᠤ ᠳᠤ ᠪᠡᠯᠡᠨ ᠪᠠᠢᠢᠭ᠎ᠠ ᠲᠤᠬᠠᠢ ᠺᠣᠮᠫᠠᠨᠢ ᠢᠢᠨ ᠶᠡᠷᠦᠩᠬᠡᠢ ᠵᠠᠬᠢᠷᠤᠯ ᠲ᠂ ᠳᠠᠸᠠᠰᠦ᠋ᠷᠦᠩ ᠬᠡᠯᠡᠪᠡ᠃
《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠥᠷᠨᠢᠵᠦ ᠡᠬᠢᠯᠡᠭᠰᠡᠨ ᠡᠴᠡ ᠬᠣᠢᠢᠰᠢ ᠤᠯᠤᠰ ᠤᠨ ᠬᠡᠮᠵᠢᠶᠡᠨ ᠳᠥ 14 ᠰᠠᠶ᠎ᠠ ᠭᠠᠷᠤᠢ ᠮᠣᠳᠣ ᠲᠠᠷᠢᠵᠤ᠂ ᠮᠣᠳᠣ᠂ ᠰᠥᠭᠡᠭ ᠦᠨ ᠦᠷ᠎ᠡ ᠢᠢᠨ ᠨᠥᠭᠡᠴᠡ 12.7 ᠲᠣᠨᠨ᠂ ᠲᠠᠷᠢᠴᠠ᠂ ᠰᠠᠭᠤᠯᠭᠠᠴᠠ ᠢᠢᠨ ᠨᠥᠭᠡᠴᠡ 51.5 ᠰᠠᠶ᠎ᠠ ᠳᠤ ᠬᠦᠷᠡᠭᠡᠳ ᠪᠠᠢᠢᠨ᠎ᠠ᠃ ᠡᠨᠡ ᠨᠢ ᠡᠮᠦᠨᠡᠬᠢ ᠣᠨ ᠲᠠᠢ ᠬᠠᠷᠢᠴᠠᠭᠤᠯᠬᠤ ᠳᠤ ᠳᠥᠷᠪᠡ ᠳᠠᠬᠢᠨ ᠨᠡᠮᠡᠭᠳᠡᠭᠰᠡᠨ ᠭᠡᠰᠡᠨ ᠦᠭᠡ ᠶᠤᠮ᠃