Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ᠄ ᠨᠣᠭᠣᠭᠠᠨ ᠪᠣᠯᠤᠨ ᠴᠠᠬᠢᠮ ᠬᠤᠳᠠᠯᠳᠤᠭ᠎ᠠ᠂ ᠡᠺᠰᠫᠣᠷᠲ ᠢ ᠬᠥᠭ᠍ᠵᠢᠭᠦᠯᠬᠦ ᠨᠢ ᠴᠢᠬᠤᠯᠠ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠢᠪᠡᠭᠡᠯ ᠳᠣᠣᠷ᠎ᠠ 《ᠳᠡᠯᠡᠬᠡᠢ ᠢᠢᠨ ᠡᠺᠰᠫᠣᠷᠲ ᠢ ᠳᠡᠮᠵᠢᠬᠦ ᠴᠢᠭᠤᠯᠭ᠎ᠠ ᠠᠭᠤᠯᠵᠠᠯᠲᠠ》 《ᠨᠣᠭᠣᠭᠠᠨ ᠬᠤᠳᠠᠯᠳᠤᠭ᠎ᠠ ᠢᠢ ᠲᠥᠷᠦᠯᠵᠢᠭᠦᠯᠬᠦ ᠨᠢ᠄ ᠣᠷᠭᠠᠨᠢᠭ᠂ ᠳ᠋ᠢᠵᠢᠲ᠋ᠠᠯ᠎᠂ ᠲᠣᠭᠲᠠᠪᠤᠷᠢᠲᠠᠢ》 ᠰᠡᠳᠦᠪ ᠦᠨ ᠳᠣᠣᠷ᠎ᠠ ᠱᠠᠩ᠋ᠷᠢ-ᠯᠠ ᠵᠣᠴᠢᠳ ᠪᠠᠭᠤᠳᠠᠯ ᠳᠤ ᠦᠷᠭᠦᠯᠵᠢᠯᠡᠵᠦ ᠪᠠᠢᠢᠨ᠎ᠠ᠃

ᠴᠢᠭᠤᠯᠭ᠎ᠠ ᠠᠭᠤᠯᠵᠠᠯᠲᠠ ᠪᠠᠷ ᠨᠣᠭᠣᠭᠠᠨ ᠡᠳ᠋ ᠍ ᠦᠨ ᠵᠠᠰᠠᠭ᠂ ᠬᠤᠳᠠᠯᠳᠤᠭ᠎ᠠ᠂ ᠡᠺᠰᠫᠣᠷᠲ ᠢ ᠳᠡᠮᠵᠢᠬᠦ᠂ ᠵᠢᠵᠢᠭ᠂ ᠳᠤᠮᠳᠠ ᠪᠢᠽᠨ᠋ᠧᠰ ᠡᠷᠬᠢᠯᠡᠭᠴᠢᠳ ᠲᠡᠷᠡ ᠳᠤᠮᠳᠠ ᠪᠠᠨ ᠡᠮᠡᠭᠲᠡᠢᠢᠴᠦᠳ᠂ ᠵᠠᠯᠠᠭᠤᠴᠤᠳ ᠤᠨ ᠪᠢᠽᠨ᠋ᠧᠰ ᠡᠷᠬᠢᠯᠡᠬᠦ ᠲᠠᠭᠠᠲᠠᠢ ᠣᠷᠴᠢᠨ ᠢ ᠪᠦᠷᠢᠳᠦᠭᠦᠯᠬᠦ᠂ ᠴᠠᠬᠢᠮ ᠰᠢᠢᠳᠦᠯ ᠦᠳ ᠢ ᠰᠠᠨᠠᠯ ᠪᠣᠯᠭᠠᠬᠤ᠂ ᠰᠤᠷᠲᠠᠯᠴᠢᠯᠠᠬᠤ᠂ ᠲᠦᠭᠡᠭᠡᠨ ᠳᠡᠯᠭᠡᠷᠡᠭᠦᠯᠬᠦ ᠪᠣᠯᠤᠨ ᠪᠥᠰᠡ ᠨᠤᠲᠤᠭ᠂ ᠣᠯᠠᠨ ᠤᠯᠤᠰ ᠤᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠬᠦ᠂ ᠰᠢᠨ᠎ᠡ ᠵᠠᠬ᠎ᠠ ᠵᠡᠭᠡᠯᠢ᠂ ᠰᠢᠨ᠎ᠡ ᠪᠣᠯᠤᠮᠵᠢ ᠢᠢ ᠬᠡᠯᠡᠯᠴᠡᠵᠦ ᠪᠠᠢᠢᠭ᠎ᠠ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠴᠢᠭᠤᠯᠭ᠎ᠠ ᠠᠭᠤᠯᠵᠠᠯᠲᠠ ᠢᠢᠨ ᠠᠯᠪᠠᠨ ᠶᠣᠰᠣᠨ ᠤ ᠨᠡᠭᠡᠭᠡᠯᠲᠡ ᠳᠥ ᠣᠷᠣᠯᠴᠠᠵᠤ ᠵᠣᠴᠢᠳ᠂ ᠲᠥᠯᠥᠭᠡᠯᠡᠭᠴᠢᠳ ᠲᠥ ᠠᠮᠵᠢᠯᠲᠠ ᠬᠦᠰᠡᠪᠡ᠃

ᠴᠢᠭᠤᠯᠭ᠎ᠠ ᠠᠭᠤᠯᠵᠠᠯᠲᠠ ᠢᠢᠨ ᠡᠬᠢᠨ ᠦ ᠡᠳᠦᠷ ᠪᠤᠶᠤ 2023 ᠣᠨ ᠤ 06 ᠳ᠋ᠤᠭᠠᠷ ᠰᠠᠷ᠎ᠠ ᠢᠢᠨ 26 ᠍ ᠳᠤ ᠳᠠᠯᠠᠢ ᠳᠤ ᠭᠠᠷᠤᠴᠠ ᠦᠭᠡᠢ ᠬᠥᠭ᠍ᠵᠢᠵᠦ ᠪᠠᠢᠢᠭ᠎ᠠ ᠣᠷᠣᠨ ᠨᠤᠭᠤᠳ ᠤᠨ ᠪᠢᠽᠨ᠋ᠧᠰ ᠡᠷᠬᠢᠯᠡᠭᠴᠢᠳ ᠦᠨ ᠵᠥᠪᠯᠡᠯᠳᠦᠬᠦ ᠠᠭᠤᠯᠵᠠᠯᠲᠠ᠂ ᠬᠤᠳᠠᠯᠳᠤᠭᠠᠨ ᠤ ᠳᠡᠳ᠋ ᠪᠦᠲᠦᠴᠡ᠂ ᠪᠥᠰᠡ ᠨᠤᠲᠤᠭ ᠤᠨ ᠬᠣᠯᠪᠣᠯᠲᠠ᠂ ᠬᠤᠳᠠᠯᠳᠤᠭ᠎ᠠ ᠢᠢ ᠬᠦᠷᠲᠡᠭᠡᠮᠵᠢᠲᠡᠢ ᠬᠥᠩ᠋ᠭᠡᠪᠴᠢᠯᠡᠬᠦ ᠵᠡᠷᠭᠡ ᠰᠡᠳᠦᠪ ᠢᠶᠡᠷ ᠳᠤᠭᠤᠢ ᠰᠢᠷᠡᠭᠡᠨ ᠦ ᠠᠭᠤᠯᠵᠠᠯᠲᠠ ᠪᠣᠯᠤᠭᠰᠠᠨ᠃

ᠬᠣᠶᠠᠷ ᠳ᠋ᠠᠬᠢ ᠡᠳᠦᠷ ᠦᠨ ᠠᠭᠤᠯᠵᠠᠯᠲᠠ ᠪᠠᠷ ᠵᠠᠯᠠᠭᠤᠴᠤᠳ ᠤᠨ ᠪᠢᠽᠨ᠋ᠧᠰ᠂ ᠡᠷᠬᠢᠯᠡᠯᠲᠡ ᠢᠢ ᠨᠡᠮᠡᠭᠳᠡᠭᠦᠯᠬᠦ ᠰᠡᠳᠦᠪ ᠢᠶᠡᠷ ᠬᠡᠯᠡᠯᠴᠡᠭᠦᠯᠭᠡ ᠥᠷᠨᠢᠭᠦᠯᠵᠦ᠂ ᠨᠣᠭᠣᠭᠠᠨ ᠪᠢᠽᠨ᠋ᠧᠰ ᠪᠣᠯᠤᠨ ᠲᠥᠰᠥᠯ ᠦᠳ ᠢ ᠲᠠᠨᠢᠯᠴᠠᠭᠤᠯᠬᠤ ᠲᠡᠮᠡᠴᠡᠭᠡᠨ ᠵᠣᠬᠢᠶᠠᠨ ᠪᠠᠢᠢᠭᠤᠯᠬᠤ ᠶᠤᠮ᠃

ᠲᠡᠮᠡᠴᠡᠭᠡᠨ ᠳᠥ ᠳᠡᠯᠡᠬᠡᠢ ᠢᠢᠨ 63 ᠣᠷᠣᠨ ᠠᠴᠠ ᠰᠣᠩ᠋ᠭᠣᠭᠳᠠᠭᠰᠠᠨ ᠵᠠᠯᠠᠭᠤ ᠪᠢᠽᠨ᠋ᠧᠰ ᠡᠷᠬᠢᠯᠡᠭᠴᠢᠳ ᠨᠣᠭᠣᠭᠠᠨ ᠪᠢᠽᠨ᠋ᠧᠰ ᠦᠨ ᠰᠢᠢᠳᠦᠯ᠂ ᠪᠠᠢᠢᠭᠠᠯᠢ ᠣᠷᠴᠢᠨ ᠤ ᠨᠥᠬᠥᠨ ᠰᠡᠷᠭᠦᠭᠡᠬᠦ ᠰᠠᠨᠠᠭᠠᠴᠢᠯᠠᠭ᠎ᠠ ᠭᠡᠰᠡᠨ ᠬᠣᠶᠠᠷ ᠲᠥᠷᠥᠯ ᠢᠶᠡᠷ ᠥᠷᠢᠰᠦᠯᠳᠦᠵᠦ ᠪᠠᠢᠢᠨ᠎ᠠ᠃

ᠴᠢᠭᠤᠯᠭ᠎ᠠ ᠠᠭᠤᠯᠵᠠᠯᠲᠠ ᠢᠢᠨ ᠬᠦᠷᠢᠶᠡᠨ ᠳᠤ ᠵᠣᠬᠢᠶᠠᠨ ᠪᠠᠢᠢᠭᠤᠯᠤᠭᠰᠠᠨ ᠬᠡᠯᠡᠯᠴᠡᠭᠦᠯᠭᠡ᠂ ᠪᠢᠽᠨ᠋ᠧᠰ ᠠᠭᠤᠯᠵᠠᠯᠲᠠ ᠨᠤᠭᠤᠳ ᠠᠴᠠ ᠭᠠᠷᠤᠭᠰᠠᠨ ᠦᠷ᠎ᠡ ᠳ᠋ᠦᠩ ᠢ ᠨᠢᠭᠡᠳᠬᠡᠨ 2023 ᠣᠨ ᠤ ᠰᠡᠭᠦᠯ ᠢᠢᠡᠷ ᠡᠬᠢᠯᠡᠭᠦᠯᠬᠦ ᠦᠨᠳᠦᠰᠦᠨ ᠦ ᠡᠺᠰᠫᠣᠷᠲ ᠤᠨ ᠰᠲ᠋ᠷᠠᠲ᠋ᠧᠭᠢ ᠳᠤ ᠲᠤᠰᠬᠠᠬᠤ ᠪᠠᠷ ᠲᠥᠯᠥᠪᠯᠡᠵᠡᠢ᠃

《ᠳᠡᠯᠡᠬᠡᠢ ᠢᠢᠨ ᠡᠺᠰᠫᠣᠷᠲ ᠢ ᠳᠡᠮᠵᠢᠬᠦ ᠴᠢᠭᠤᠯᠭ᠎ᠠ ᠠᠭᠤᠯᠵᠠᠯᠲᠠ》 ᠍ ᠳᠤ ᠳᠡᠯᠡᠬᠡᠢ ᠢᠢᠨ 70 ᠣᠷᠣᠨ ᠤ 600 ᠭᠠᠷᠤᠢ ᠲᠥᠯᠥᠭᠡᠯᠡᠭᠴᠢ ᠣᠷᠣᠯᠴᠠᠵᠤ ᠪᠠᠢᠢᠨ᠎ᠠ᠃

ᠴᠢᠭᠤᠯᠭ᠎ᠠ ᠠᠭᠤᠯᠵᠠᠯᠲᠠ ᠢᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠢᠢᠨ ᠬᠡᠯᠡᠭᠰᠡᠨ ᠦᠭᠡ ᠢᠢ ᠪᠦᠷᠢᠨ ᠡᠬᠢ ᠪᠡᠷ ᠨᠢ ᠬᠦᠷᠭᠡᠵᠦ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠄
《ᠡᠷᠬᠢᠮ ᠬᠦᠨᠳᠦᠳᠦ ᠵᠣᠴᠢᠳ ᠲᠥᠯᠥᠭᠡᠯᠡᠭᠴᠢᠳ ᠡ᠂

ᠪᠢᠽᠨ᠋ᠧᠰ ᠡᠷᠬᠢᠯᠡᠭᠴᠢᠳ᠂ ᠪᠠᠶᠠᠯᠢᠭ ᠪᠦᠲᠦᠭᠡᠭ᠍ᠴᠢᠳ᠂ ᠬᠥᠷᠥᠩ᠋ᠭᠡ ᠣᠷᠣᠭᠤᠯᠤᠭᠴᠢᠳ ᠠ᠂

ᠡᠷᠬᠢᠮᠰᠦᠭ ᠬᠠᠲᠤᠭᠲᠠᠢ᠂ ᠨᠣᠶᠠᠳ ᠠ᠋᠂

《ᠳᠡᠯᠡᠬᠡᠢ ᠢᠢᠨ ᠡᠺᠰᠫᠣᠷᠲ ᠢ ᠳᠡᠮᠵᠢᠬᠦ ᠴᠢᠭᠤᠯᠭ᠎ᠠ ᠠᠭᠤᠯᠵᠠᠯᠲᠠ》 ᠍ ᠳᠤ ᠣᠷᠣᠯᠴᠠᠬᠤ ᠪᠠᠷ ᠬᠦᠷᠦᠯᠴᠡᠨ ᠢᠷᠡᠭᠰᠡᠨ ᠲᠠ ᠪᠦᠬᠦᠨ ᠳᠥ ᠪᠡᠨ ᠡᠨᠡ ᠥᠷᠯᠥᠭᠡᠨ ᠦ ᠠᠮᠤᠷ ᠠᠮᠤᠭᠤᠯᠠᠩ ᠢ ᠠᠢᠢᠯᠠᠳᠬᠠᠨ ᠮᠡᠨᠳᠦᠴᠢᠯᠡᠶ᠎ᠡ᠃

20 ᠳ᠋ᠠᠬᠢ ᠤᠳᠠᠭ᠎ᠠ ᠢᠢᠨ ᠡᠨᠡ ᠠᠭᠤᠯᠵᠠᠯᠲᠠ ᠢᠢ ᠬᠠᠮᠲᠤᠷᠠᠨ ᠵᠣᠬᠢᠶᠠᠨ ᠪᠠᠢᠢᠭᠤᠯᠵᠤ ᠪᠤᠢ ᠣᠯᠠᠨ ᠤᠯᠤᠰ ᠤᠨ ᠬᠤᠳᠠᠯᠳᠤᠭᠠᠨ ᠤ ᠲᠥᠪ ᠪᠣᠯᠤᠨ ᠳᠡᠯᠡᠬᠡᠢ ᠢᠢᠨ ᠥᠨᠴᠥᠭ ᠪᠤᠯᠤᠨᠭ᠌ ᠪᠦᠷᠢ ᠡᠴᠡ ᠬᠦᠷᠦᠯᠴᠡᠨ ᠢᠷᠡᠭᠰᠡᠨ ᠲᠥᠷᠥ᠂ ᠵᠠᠰᠠᠭ᠂ ᠬᠤᠪᠢ ᠤᠨ ᠬᠡᠪᠰᠢᠯ᠂ ᠪᠠᠶᠠᠯᠢᠭ ᠪᠦᠲᠦᠭᠡᠭ᠍ᠴᠢᠳ᠂ ᠣᠯᠠᠨ ᠤᠯᠤᠰ ᠤᠨ ᠪᠠᠢᠢᠭᠤᠯᠤᠯᠭ᠎ᠠ ᠢᠢᠨ ᠲᠥᠯᠥᠭᠡᠯᠡᠯ ᠲᠠ ᠪᠦᠬᠦᠨ ᠳᠥ ᠪᠡᠨ ᠮᠣᠩ᠋ᠭᠣᠯ ᠤᠨ ᠠᠷᠠᠳ ᠲᠦᠮᠡᠨ ᠦ ᠨᠡᠷ᠎ᠡ ᠢᠢᠨ ᠡᠮᠦᠨ᠎ᠡ ᠡᠴᠡ ᠭᠦᠨ ᠲᠠᠯᠠᠷᠬᠠᠯ ᠢᠯᠡᠷᠬᠡᠢᠢᠯᠡᠶ᠎ᠡ᠃

ᠮᠥᠨ ᠡᠷᠬᠢᠮ ᠬᠦᠨᠳᠦᠳᠦ ᠵᠣᠴᠢᠨ᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠢᠢᠨ ᠣᠷᠣᠯᠠᠭᠴᠢ ᠪᠥᠭᠡᠳ ᠨᠡᠩ ᠪᠠᠭᠤᠷᠠᠢ ᠬᠥᠭ᠍ᠵᠢᠯᠲᠡᠢ᠂ ᠳᠠᠯᠠᠢ ᠳᠤ ᠭᠠᠷᠤᠴᠠ ᠦᠭᠡᠢ᠂ ᠠᠷᠠᠯ ᠤᠨ ᠵᠢᠵᠢᠭ ᠣᠷᠣᠨ ᠨᠤᠭᠤᠳ ᠤᠨ ᠠᠰᠠᠭᠤᠳᠠᠯ ᠡᠷᠬᠢᠯᠡᠭᠰᠡᠨ ᠲᠥᠯᠥᠭᠡᠯᠡᠭᠴᠢ ᠬᠠᠲᠤᠭᠲᠠᠢ ᠷᠠᠪᠠᠪ ᠹᠠᠲ᠋ᠢᠮᠠ᠂ ᠣᠯᠠᠨ ᠤᠯᠤᠰ ᠤᠨ ᠬᠤᠳᠠᠯᠳᠤᠭᠠᠨ ᠤ ᠲᠥᠪ ᠦᠨ ᠭᠦᠢᠴᠡᠳᠭᠡᠬᠦ ᠵᠠᠬᠢᠷᠤᠯ ᠬᠠᠲᠤᠭᠲᠠᠢ ᠫᠠᠮᠧᠯᠠ ᠾᠥᠥᠺ ᠾᠠᠮᠢᠯᠲ᠋ᠤᠨ᠂ ᠧᠦ᠋ᠷᠣᠫᠠ ᠢᠢᠨ ᠰᠡᠷᠭᠦᠭᠡᠨ ᠪᠣᠰᠬᠠᠯᠲᠠ᠂ ᠬᠥᠭ᠍ᠵᠢᠯ ᠦᠨ ᠪᠠᠩᠬᠢᠨ ᠤ ᠵᠢᠵᠢᠭ᠂ ᠳᠤᠮᠳᠠ ᠦᠢᠯᠡᠳᠪᠦᠷᠢᠯᠡᠯ ᠬᠠᠷᠢᠭᠤᠴᠠᠭᠰᠠᠨ ᠵᠠᠬᠢᠷᠤᠯ ᠨᠣᠶᠠᠨ ᠺᠯᠠᠦ᠋ᠳᠢᠣ᠋ ᠸᠢᠽᠣᠯᠯᠢ ᠪᠣᠯᠤᠨ ᠪᠤᠰᠤᠳ ᠲᠥᠯᠥᠭᠡᠯᠡᠭᠴᠢᠳ ᠲᠥ 《ᠳᠡᠯᠡᠬᠡᠢ ᠢᠢᠨ ᠪᠢᠴᠢᠯ᠂ ᠵᠢᠵᠢᠭ᠂ ᠳᠤᠮᠳᠠ ᠦᠢᠯᠡᠳᠪᠦᠷᠢᠯᠡᠭᠴᠢᠳ ᠦᠨ ᠡᠳᠦᠷ》 ᠍ ᠦᠨ ᠪᠠᠶᠠᠷ ᠤᠨ ᠮᠡᠨᠳᠦ ᠢᠢ ᠡᠷᠭᠦᠨ ᠳᠡᠪᠰᠢᠭᠦᠯᠦᠶ᠎ᠡ᠃

ᠳᠡᠯᠡᠬᠡᠢ ᠲᠠᠬᠢᠨ ᠤ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠷᠢᠯᠴᠠᠭ᠎ᠠ ᠢᠢ ᠥᠷᠭᠡᠵᠢᠭᠦᠯᠦᠨ ᠬᠥᠭ᠍ᠵᠢᠭᠦᠯᠬᠦ᠂ ᠠᠵᠢᠯ ᠤᠨ ᠪᠠᠢᠢᠷᠢ ᠢᠢ ᠪᠤᠢ ᠪᠣᠯᠭᠠᠬᠤ ᠳᠤ ᠪᠢᠴᠢᠯ᠂ ᠵᠢᠵᠢᠭ᠂ ᠳᠤᠮᠳᠠ ᠦᠢᠯᠡᠳᠪᠦᠷᠢᠯᠡᠭᠴᠢᠳ᠂ ᠪᠠᠶᠠᠯᠢᠭ ᠪᠦᠲᠦᠭᠡᠭ᠍ᠴᠢᠳ ᠮᠠᠨᠢ ᠣᠨᠴᠤᠭᠤᠢ ᠴᠢᠬᠤᠯᠠ ᠡᠭᠦᠷᠭᠡ ᠭᠦᠢᠴᠡᠳᠭᠡᠵᠦ ᠢᠷᠡᠭᠰᠡᠨ᠃

ᠣᠳᠣ ᠪᠠᠷ ᠳᠡᠯᠡᠬᠡᠢ ᠳᠠᠶᠠᠭᠠᠷ ᠨᠡᠢᠢᠲᠡ ᠠᠵᠤ ᠠᠬᠤᠢ ᠢᠢᠨ ᠨᠢᠭᠡᠴᠡ ᠢᠢᠨ 90 ᠬᠤᠪᠢ᠂ ᠨᠡᠢᠢᠲᠡ ᠠᠵᠢᠯ ᠣᠯᠭᠤᠭᠴᠢᠳ ᠤᠨ ᠲᠠᠯ᠎ᠠ ᠠᠴᠠ ᠢᠯᠡᠭᠦᠦ ᠬᠤᠪᠢ ᠨᠢ ᠪᠢᠴᠢᠯ᠂ ᠵᠢᠵᠢᠭ᠂ ᠳᠤᠮᠳᠠ ᠦᠢᠯᠡᠳᠪᠦᠷᠢᠯᠡᠭᠴᠢᠳ᠂ ᠪᠠᠶᠠᠯᠢᠭ ᠪᠦᠲᠦᠭᠡᠭ᠍ᠴᠢᠳ ᠡᠵᠡᠯᠡᠵᠦ ᠪᠠᠢᠢᠨ᠎ᠠ᠃

ᠳᠡᠯᠡᠬᠡᠢ ᠢᠢᠨ ᠪᠠᠩᠬᠢᠨ ᠤ ᠰᠤᠳᠤᠯᠭ᠎ᠠ ᠪᠠᠷ ᠡᠷᠴᠢᠮᠲᠡᠢ ᠬᠥᠭ᠍ᠵᠢᠵᠦ ᠪᠤᠢ ᠣᠷᠣᠨ ᠨᠤᠭᠤᠳ ᠤᠨ ᠬᠤᠪᠢ ᠳᠤ ᠳᠤᠮᠳᠠᠴᠢ ᠪᠠᠷ 10 ᠠᠵᠢᠯ ᠤᠨ ᠪᠠᠢᠢᠷᠢ ᠲᠤᠲᠤᠮ ᠤᠨ 7 ᠍ ᠢᠢ ᠨᠢ ᠪᠢᠴᠢᠯ᠂ ᠵᠢᠵᠢᠭ᠂ ᠳᠤᠮᠳᠠ ᠦᠢᠯᠡᠳᠪᠦᠷᠢᠯᠡᠭᠴᠢᠳ ᠪᠤᠢ ᠪᠣᠯᠭᠠᠵᠤ᠂ ᠲᠡᠳᠡᠭᠡᠷ ᠤᠯᠤᠰ ᠣᠷᠣᠨ ᠨᠤᠭᠤᠳ ᠤᠨ ᠦᠨᠳᠦᠰᠦᠨ ᠦ ᠨᠡᠢᠢᠲᠡ ᠣᠷᠣᠯᠭ᠎ᠠ ᠢᠢᠨ 40 ᠣᠷᠴᠢᠮ ᠬᠤᠪᠢ ᠢᠢ ᠪᠦᠷᠢᠳᠦᠭᠦᠯᠵᠦ ᠪᠠᠢᠢᠨ᠎ᠠ᠃

2030 ᠣᠨ ᠭᠡᠬᠦ ᠳᠥ ᠬᠥᠳᠡᠯᠮᠦᠷᠢ ᠢᠢᠨ ᠨᠠᠰᠤᠨ ᠤ ᠬᠦᠮᠦᠨ ᠠᠮᠠ ᠢᠢ ᠠᠵᠢᠯ ᠤᠨ ᠪᠠᠢᠢᠷᠢ ᠪᠠᠷ ᠬᠠᠩ᠋ᠭᠠᠬᠤ ᠳᠤ ᠨᠡᠢᠢᠲᠡ ᠳᠥ ᠪᠡᠨ 600 ᠰᠠᠶ᠎ᠠ ᠰᠢᠨ᠎ᠡ ᠠᠵᠢᠯ ᠤᠨ ᠪᠠᠢᠢᠷᠢ ᠪᠤᠢ ᠪᠣᠯᠭᠠᠬᠤ ᠱᠠᠭᠠᠷᠳᠠᠯᠭ᠎ᠠ ᠲᠠᠢ ᠭᠡᠰᠡᠨ ᠲᠣᠭᠠᠴᠠᠭ᠎ᠠ ᠭᠠᠷᠴᠤ᠂ ᠤᠯᠤᠰ ᠣᠷᠣᠨ ᠨᠤᠭᠤᠳ ᠤᠨ ᠪᠣᠳᠣᠯᠭ᠎ᠠ ᠢᠢᠨ ᠲᠡᠷᠢᠭᠦᠯᠡᠬᠦ ᠴᠢᠭᠯᠡᠯ ᠨᠢ ᠪᠢᠴᠢᠯ᠂ ᠵᠢᠵᠢᠭ᠂ ᠳᠤᠮᠳᠠ ᠦᠢᠯᠡᠳᠪᠦᠷᠢᠯᠡᠯ ᠢ ᠳᠡᠮᠵᠢᠬᠦ ᠠᠰᠠᠭᠤᠳᠠᠯ ᠪᠣᠯᠤᠭᠠᠳ ᠪᠠᠢᠢᠨ᠎ᠠ᠃

ᠬᠠᠷᠢᠨ ᠰᠡᠭᠦᠯ ᠦᠨ ᠵᠢᠯ ᠦᠳ ᠲᠥ ᠳᠡᠯᠡᠬᠡᠢ ᠨᠡᠢᠢᠲᠡ ᠢᠢ ᠬᠠᠮᠤᠷᠤᠭᠰᠠᠨ ᠴᠠᠷ᠎ ᠲᠠᠬᠤᠯ ᠣᠯᠠᠨ ᠤᠯᠤᠰ ᠤᠨ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠷᠢᠯᠴᠠᠭ᠎ᠠ᠂ ᠪᠠᠷᠠᠭ᠎ᠠ ᠦᠢᠯᠡᠴᠢᠯᠡᠭᠡᠨ ᠦ ᠨᠡᠢᠢᠯᠡᠭᠦᠯᠦᠯᠲᠡ᠂ ᠥᠷᠲᠡᠭ ᠦᠨ ᠰᠦᠯᠵᠢᠶᠡᠨ ᠳᠥ ᠡᠮᠦᠨ᠎ᠡ ᠪᠠᠢᠢᠭ᠎ᠠ ᠦᠭᠡᠢ ᠰᠣᠷᠢᠯᠲᠠ ᠪᠡᠷᠬᠡᠰᠢᠶᠡᠯ ᠤᠴᠠᠷᠠᠭᠤᠯᠤᠭᠰᠠᠨ᠃

ᠨᠡᠩ ᠢᠯᠠᠩ᠋ᠭᠤᠶ᠎ᠠ ᠳᠠᠯᠠᠢ ᠳᠤ ᠭᠠᠷᠤᠴᠠ ᠦᠭᠡᠢ᠂ ᠬᠥᠭ᠍ᠵᠢᠵᠦ ᠪᠤᠢ ᠣᠷᠣᠨ ᠨᠤᠭᠤᠳ ᠲᠤ ᠳᠡᠭᠡᠷᠡᠬᠢ ᠬᠦᠨᠳᠦᠷᠡᠯ ᠪᠡᠷᠬᠡᠰᠢᠶᠡᠯ ᠢᠯᠡᠭᠦᠦ ᠬᠦᠴᠦᠲᠡᠢ ᠮᠡᠳᠡᠷᠡᠭᠳᠡᠵᠦ᠂ ᠢᠯᠡᠭᠦᠦ ᠶᠡᠬᠡ ᠵᠠᠷᠤᠳᠠᠯ᠂ ᠬᠣᠬᠢᠷᠠᠯ ᠠᠮᠰᠠᠭᠰᠠᠨ᠃

ᠬᠦᠮᠦᠨ ᠲᠥᠷᠥᠯᠬᠢᠲᠡᠨ ᠴᠠᠷ᠎ ᠲᠠᠬᠤᠯ᠂ ᠪᠠᠷᠠᠭ᠎ᠠ ᠦᠢᠯᠡᠴᠢᠯᠡᠭᠡᠨ ᠦ ᠦᠨ᠎ᠡ ᠢᠢᠨ ᠥᠰᠦᠯᠲᠡ᠂ ᠬᠦᠨᠡᠰᠦᠨ ᠦ ᠬᠣᠮᠰᠠᠳᠠᠯ᠂ ᠡᠷᠴᠢᠮ ᠬᠦᠴᠦᠨ ᠦ ᠬᠢᠮᠤᠷᠠᠯ᠂ ᠭᠧᠣᠫᠣᠯᠢᠲ᠋ᠢᠺ ᠤᠨ ᠡᠭᠡᠳᠡᠷᠡᠭᠡ ᠲᠡᠢ ᠨᠥᠬᠥᠴᠡᠯ ᠪᠠᠢᠢᠳᠠᠯ ᠵᠡᠷᠭᠡ ᠣᠯᠠᠨ ᠬᠦᠨᠳᠦ ᠰᠣᠷᠢᠯᠲᠠ᠂ ᠪᠡᠷᠬᠡᠰᠢᠶᠡᠯ ᠲᠡᠢ ᠨᠢᠭᠤᠷ ᠲᠤᠯᠤᠭᠰᠠᠨ ᠡᠨᠡ ᠦᠶ᠎ᠡ ᠳᠥ ᠴᠢᠭᠤᠯᠭ᠎ᠠ ᠠᠭᠤᠯᠵᠠᠯᠲᠠ ᠪᠣᠯᠵᠤ ᠪᠠᠢᠢᠭ᠎ᠠ ᠨᠢ ᠲᠡᠦᠬᠡᠨ᠂ ᠣᠨᠴᠤᠭᠤᠢ ᠠᠴᠢ ᠬᠣᠯᠪᠣᠭᠳᠠᠯ ᠲᠠᠢ ᠭᠡᠵᠦ ᠦᠵᠡᠵᠦ ᠪᠠᠢᠢᠨ᠎ᠠ᠃

ᠥᠭᠡᠷ᠎ᠡ ᠪᠡᠷ ᠬᠡᠯᠡᠪᠡᠯ᠂ ᠡᠨᠡ ᠬᠦᠨᠳᠦ ᠬᠡᠴᠡᠭᠦᠦ ᠡᠭᠡᠳᠡᠷᠡᠭᠡ ᠲᠡᠢ ᠴᠠᠭ ᠦᠶ᠎ᠡ ᠳᠥ ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠪᠠᠨ ᠬᠡᠷᠡᠭᠵᠢᠭᠦᠯᠬᠦ ᠳᠥ ᠨᠣᠭᠣᠭᠠᠨ ᠪᠣᠯᠤᠨ ᠴᠠᠬᠢᠮ ᠬᠤᠳᠠᠯᠳᠤᠭ᠎ᠠ᠂ ᠡᠺᠰᠫᠣᠷᠲ ᠢ ᠬᠥᠭ᠍ᠵᠢᠭᠦᠯᠬᠦ ᠨᠢ ᠴᠢᠬᠤᠯᠠ ᠶᠤᠮ᠃

ᠡᠳ᠋ ᠍ ᠦᠨ ᠵᠠᠰᠠᠭ ᠢ ᠲᠥᠷᠦᠯᠵᠢᠭᠦᠯᠬᠦ᠂ ᠠᠵᠢᠯ ᠡᠷᠬᠢᠯᠡᠯᠲᠡ ᠢᠢ ᠨᠡᠮᠡᠭᠳᠡᠭᠦᠯᠬᠦ᠂ ᠬᠦᠷᠲᠡᠭᠡᠮᠵᠢᠲᠡᠢ᠂ ᠲᠣᠭᠲᠠᠪᠤᠷᠢᠲᠠᠢ᠂ ᠳᠠᠷᠬᠠᠯᠠᠭ᠎ᠠ ᠲᠠᠢ ᠨᠡᠢᠢᠭᠡᠮ᠂ ᠡᠳ᠋ ᠍ ᠦᠨ ᠵᠠᠰᠠᠭ ᠤᠨ ᠬᠥᠭ᠍ᠵᠢᠯ ᠢ ᠪᠤᠢ ᠪᠣᠯᠭᠠᠬᠤ᠂ ᠤᠯᠤᠰ ᠣᠷᠣᠨ ᠨᠤᠭᠤᠳ ᠤᠨ ᠥᠷᠢᠰᠦᠯᠳᠡᠬᠦ ᠴᠢᠳᠠᠪᠤᠷᠢ ᠢᠢ ᠨᠡᠮᠡᠭᠳᠡᠭᠦᠯᠬᠦ ᠳᠥ ᠵᠠᠯᠠᠭᠤᠴᠤᠳ᠂ ᠡᠮᠡᠭᠲᠡᠢᠢᠴᠦᠳ᠂ ᠭᠠᠷᠠᠭᠠᠨ ᠤ ᠪᠣᠯᠤᠨ ᠵᠢᠵᠢᠭ᠂ ᠳᠤᠮᠳᠠ ᠦᠢᠯᠡᠳᠪᠦᠷᠢᠯᠡᠯ ᠡᠷᠬᠢᠯᠡᠭᠴᠢᠳ᠂ ᠣᠯᠠᠨ ᠤᠯᠤᠰ ᠤᠨ ᠬᠠᠮᠲᠤ ᠢᠢᠨ ᠨᠡᠢᠢᠭᠡᠮᠯᠢᠭ᠌᠂ ᠰᠠᠩᠬᠦᠦ ᠢᠢᠨ ᠪᠠᠢᠢᠭᠤᠯᠤᠯᠭ᠎ᠠ ᠨᠤᠭᠤᠳ ᠤᠨ ᠡᠭᠦᠷᠭᠡ᠂ ᠣᠷᠣᠯᠴᠠᠭ᠎ᠠ ᠤᠷᠢᠳᠤ ᠡᠮᠦᠨᠡᠬᠢ ᠡᠴᠡ ᠢᠯᠡᠭᠦᠦ ᠴᠢᠬᠤᠯᠠ ᠪᠣᠯᠵᠤ ᠪᠠᠢᠢᠨ᠎ᠠ᠃

ᠡᠷᠬᠢᠮ ᠵᠣᠴᠢᠳ᠂ ᠲᠥᠯᠥᠭᠡᠯᠡᠭᠴᠢᠳ ᠡ᠂

ᠲᠠ ᠪᠢᠳᠡ ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠣᠷᠣᠨ ᠨᠤᠭᠤᠳ ᠲᠤ ᠲᠤᠯᠭᠠᠷᠠᠴᠤ ᠪᠤᠢ ᠰᠣᠷᠢᠯᠲᠠ ᠪᠡᠷᠬᠡᠰᠢᠶᠡᠯ᠂ ᠪᠣᠯᠤᠮᠵᠢ ᠨᠥᠬᠥᠴᠡᠯ᠂ ᠳᠡᠯᠡᠬᠡᠢ ᠢᠢᠨ ᠡᠺᠰᠫᠣᠷᠲ ᠢ ᠲᠥᠷᠦᠯᠵᠢᠭᠦᠯᠬᠦ᠂ ᠲᠤᠬᠠᠢᠢᠯᠠᠪᠠᠯ᠂ ᠨᠣᠭᠣᠭᠠᠨ᠂ ᠴᠠᠬᠢᠮ᠂ ᠬᠦᠷᠲᠡᠭᠡᠮᠵᠢᠲᠡᠢ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠷᠢᠯᠴᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠵᠡᠷᠭᠡ ᠥᠷᠭᠡᠨ ᠬᠦᠷᠢᠢ᠎ᠡ ᠲᠡᠢ ᠣᠯᠠᠨ ᠠᠰᠠᠭᠤᠳᠠᠯ ᠢ ᠬᠡᠯᠡᠯᠴᠡᠵᠦ᠂ ᠬᠠᠷᠢᠯᠴᠠᠨ ᠠᠰᠢᠭᠲᠠᠢ᠂ ᠬᠠᠮᠲᠤ ᠢᠢᠨ ᠠᠵᠢᠯᠯᠠᠭ᠎ᠠ ᠢᠢ ᠪᠠᠨ ᠲᠣᠳᠣᠷᠬᠠᠢᠢᠯᠠᠬᠤ ᠪᠠᠷ ᠬᠤᠷᠠᠨ ᠴᠤᠭᠯᠠᠭᠠᠳ ᠪᠠᠢᠢᠨ᠎ᠠ᠃

ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠣᠷᠣᠨ ᠨᠤᠭᠤᠳ ᠳᠡᠯᠡᠬᠡᠢ ᠢᠢᠨ ᠬᠦᠮᠦᠨ ᠠᠮᠠ ᠢᠢᠨ ᠨᠠᠢᠮᠠᠨ ᠬᠤᠪᠢ ᠢᠢ ᠡᠵᠡᠯᠡᠳᠡᠭ ᠪᠥᠭᠡᠳ ᠳᠡᠢᠢᠯᠦᠩᠬᠢ ᠨᠢ ᠵᠠᠯᠠᠭᠤᠴᠤᠳ ᠪᠠᠢᠢᠨ᠎ᠠ᠃ ᠮᠥᠨ ᠨᠡᠢᠢᠭᠡᠮ᠂ ᠡᠳ᠋ ᠍ ᠦᠨ ᠵᠠᠰᠠᠭ ᠤᠨ ᠬᠥᠭ᠍ᠵᠢᠯ ᠦᠨ ᠬᠤᠪᠢ ᠳᠤ ᠳᠠᠯᠠᠢ ᠳᠤ ᠭᠠᠷᠴᠠ ᠲᠠᠢ ᠣᠷᠣᠨ ᠨᠤᠭᠤᠳ ᠲᠠᠢ ᠬᠠᠷᠢᠴᠠᠭᠤᠯᠬᠤ ᠳᠤ ᠬᠠᠷᠢᠴᠠᠩ᠋ᠭᠤᠢ ᠰᠤᠯᠠ᠂ ᠳᠡᠯᠡᠬᠡᠢ ᠢᠢᠨ ᠡᠳ᠋ ᠍ ᠦᠨ ᠵᠠᠰᠠᠭ ᠤᠨ ᠨᠢᠭᠡ ᠣᠷᠴᠢᠮ ᠬᠤᠪᠢ ᠢᠢ ᠯᠠ ᠪᠦᠷᠢᠳᠦᠭᠦᠯᠵᠦ ᠪᠠᠢᠢᠨ᠎ᠠ᠃

ᠰᠡᠭᠦᠯ ᠦᠨ 20 ᠭᠠᠷᠤᠢ ᠵᠢᠯ ᠳᠥ ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠣᠷᠣᠨ ᠨᠤᠭᠤᠳ ᠤᠨ ᠡᠳ᠋ ᠍ ᠦᠨ ᠵᠠᠰᠠᠭ ᠤᠨ ᠳᠤᠮᠳᠠᠴᠢ ᠥᠰᠦᠯᠲᠡ ᠨᠢ ᠳᠠᠯᠠᠢ ᠳᠤ ᠭᠠᠷᠴᠠ ᠲᠠᠢ ᠣᠷᠣᠨ ᠨᠤᠭᠤᠳ ᠲᠠᠢ ᠬᠠᠷᠢᠴᠠᠭᠤᠯᠬᠤ ᠳᠤ ᠥᠨᠳᠥᠷ ᠪᠠᠢᠢᠭᠰᠠᠨ ᠨᠢ ᠡᠳᠡᠭᠡᠷ ᠤᠯᠤᠰ ᠤᠨ ᠬᠤᠪᠢ ᠳᠤ ᠭᠠᠵᠠᠷ ᠵᠦᠢ ᠢᠢᠨ ᠪᠠᠢᠢᠷᠢᠰᠢᠯ ᠨᠢ ᠰᠠᠭᠤᠷᠢ ᠪᠡᠷᠬᠡᠰᠢᠶᠡᠯ ᠬᠡᠳᠦᠢ ᠴᠤ ᠬᠠᠷᠢᠯᠴᠠᠨ ᠠᠰᠢᠭᠲᠠᠢ᠂ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠵᠦ ᠴᠢᠳᠠᠪᠠᠯ ᠪᠣᠳᠠᠲᠤ ᠦᠷ᠎ᠡ ᠳ᠋ᠦᠩ ᠳᠥ ᠬᠦᠷᠴᠦ ᠪᠣᠯᠬᠤ ᠢᠢ ᠬᠠᠷᠠᠭᠤᠯᠵᠤ ᠪᠠᠢᠢᠨ᠎ᠠ᠃

ᠭᠡᠬᠦ ᠳᠥ ᠪᠡᠨ ᠲᠦᠭᠦᠬᠡᠢ ᠡᠳ᠋ ᠍ ᠦᠨ ᠡᠺᠰᠫᠣᠷᠲ ᠠᠴᠠ ᠬᠠᠮᠢᠶᠠᠷᠤᠯ ᠥᠨᠳᠥᠷ᠂ ᠡᠳ᠋ ᠍ ᠦᠨ ᠵᠠᠰᠠᠭ ᠤᠨ ᠪᠠᠢᠢᠳᠠᠯ ᠡᠮᠵᠡᠭ ᠬᠡᠪ ᠢᠶᠡᠷ ᠪᠠᠢᠢᠨ᠎ᠠ᠃

ᠮᠥᠨ ᠳᠡᠯᠡᠬᠡᠢ ᠢᠢᠨ ᠬᠤᠳᠠᠯᠳᠤᠭᠠᠨ ᠤ ᠪᠠᠢᠢᠭᠤᠯᠤᠯᠭ᠎ᠠ ᠢᠢᠨ 《ᠬᠤᠳᠠᠯᠳᠤᠭ᠎ᠠ ᠢᠢ ᠬᠥᠩ᠋ᠭᠡᠪᠴᠢᠯᠡᠬᠦ ᠭᠡᠷ ᠡ 》-᠍ ᠦ ᠬᠡᠷᠡᠭᠵᠢᠯᠲᠡ ᠳᠠᠯᠠᠢ ᠳᠤ ᠭᠠᠷᠤᠴᠠ ᠦᠭᠡᠢ ᠤᠯᠤᠰ ᠣᠷᠣᠨ ᠨᠤᠭᠤᠳ ᠲᠤ ᠬᠠᠩ᠋ᠭᠠᠯᠲᠠ ᠦᠭᠡᠢ ᠪᠠᠢᠢᠭᠰᠠᠭᠠᠷ ᠪᠠᠢᠢᠨ᠎ᠠ᠃

ᠲᠡᠭᠦᠨᠴᠢᠯᠡᠨ ᠴᠠᠷ᠎ ᠲᠠᠬᠤᠯ᠂ ᠭᠧᠣᠫᠣᠯᠢᠲ᠋ᠢᠺ ᠤᠨ ᠬᠤᠷᠴᠠᠳᠤᠮᠠᠯ ᠪᠠᠢᠢᠳᠠᠯ ᠴᠤ ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠣᠷᠣᠨ ᠨᠤᠭᠤᠳ ᠲᠤ ᠬᠦᠨᠳᠦ ᠴᠣᠬᠢᠯᠲᠠ ᠪᠣᠯᠵᠤ᠂ ᠢᠯᠠᠩ᠋ᠭᠤᠶ᠎ᠠ ᠬᠦᠨᠡᠰᠦᠨ ᠦ ᠬᠣᠮᠰᠠᠳᠠᠯ᠂ ᠡᠷᠴᠢᠮ ᠬᠦᠴᠦᠨ ᠦ ᠬᠢᠮᠤᠷᠠᠯ ᠳᠤ ᠣᠷᠣᠭᠤᠯᠵᠤ᠂ ᠮᠥᠩ᠋ᠭᠥᠨ ᠭᠤᠪᠢᠭᠤᠯᠤᠯᠭ᠎ᠠ ᠲᠠᠲᠠᠷᠠᠴᠤ᠂ ᠠᠵᠢᠯᠯᠠᠬᠤ ᠬᠦᠴᠦᠨ ᠦ ᠬᠣᠮᠰᠠᠳᠠᠯ ᠨᠢᠭᠤᠷᠯᠠᠵᠤ᠂ ᠡᠴᠦᠰ ᠲᠦ ᠪᠡᠨ ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠨᠤᠭᠤᠳ ᠢ ᠬᠡᠷᠡᠭᠵᠢᠭᠦᠯᠬᠦ ᠳᠥ ᠡᠷᠦᠰᠳᠡᠯ ᠤᠴᠠᠷᠠᠭᠤᠯᠬᠤ ᠪᠠᠷ ᠪᠠᠢᠢᠨ᠎ᠠ᠃

ᠲᠡᠢᠢᠮᠦ ᠡᠴᠡ ᠡᠨᠡ ᠴᠢᠭᠤᠯᠭ᠎ᠠ ᠠᠭᠤᠯᠵᠠᠯᠲᠠ ᠪᠠᠷ ᠭᠠᠷᠴᠠ ᠰᠢᠢᠳᠦᠯ ᠢ ᠬᠡᠯᠡᠯᠴᠡᠵᠦ᠂ ᠠᠵᠢᠯ ᠬᠡᠷᠡᠭᠴᠢ ᠰᠠᠨᠠᠯ᠂ ᠰᠠᠨᠠᠭᠠᠴᠢᠯᠠᠭ᠎ᠠ ᠭᠠᠷᠭᠠᠨ᠂ ᠳᠠᠭᠤᠤ ᠬᠣᠭᠣᠯᠠᠢ ᠢᠢ ᠪᠠᠨ ᠨᠢᠭᠡᠳᠬᠡᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠣᠷᠣᠨ ᠨᠤᠭᠤᠳ ᠤᠨ ᠠᠰᠠᠭᠤᠳᠠᠯᠠᠷᠠᠬᠢ ᠭᠤᠷᠪᠠᠳᠤᠭᠠᠷ ᠪᠠᠭ᠎ᠠ ᠬᠤᠷᠠᠯ ᠳᠤ ᠲᠠᠨᠢᠯᠴᠠᠭᠤᠯᠤᠨ᠎ᠠ ᠭᠡᠳᠡᠭ ᠲᠥ ᠢᠲᠡᠭᠡᠯ ᠲᠡᠢ ᠪᠠᠢᠢᠨ᠎ᠠ᠃

ᠠᠭᠤᠷ ᠠᠮᠢᠰᠬᠤᠯ ᠤᠨ ᠥᠭᠡᠷᠡᠴᠢᠯᠡᠯᠲᠡ ᠬᠦᠮᠦᠨ ᠲᠥᠷᠥᠯᠬᠢᠲᠡᠨ ᠦ ᠣᠷᠣᠰᠢᠨ ᠲᠣᠭᠲᠠᠨᠢᠬᠤᠢ ᠢᠢᠨ ᠠᠶᠤᠯ ᠦᠭᠡᠢ ᠪᠠᠢᠢᠳᠠᠯ ᠳᠤ ᠬᠦᠴᠦᠲᠡᠢ ᠨᠥᠯᠦᠭᠡᠯᠡᠵᠦ᠂ ᠳᠡᠯᠡᠬᠡᠢ ᠳᠠᠶᠠᠭᠠᠷ ᠡᠭᠦᠨ ᠳᠥ ᠣᠨᠴᠤᠭᠤᠢ ᠠᠩᠬᠠᠷᠤᠯ ᠬᠠᠨᠳᠤᠭᠤᠯᠤᠨ᠂ ᠬᠢᠴᠢᠶᠡᠨ ᠠᠵᠢᠯᠯᠠᠵᠤ ᠪᠠᠢᠢᠭ᠎ᠠ ᠬᠡᠳᠦᠢ ᠴᠤ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠰᠥᠷᠭᠦ ᠨᠥᠯᠥᠭᠡᠯᠡᠯ ᠡᠷᠴᠢᠮᠵᠢᠭᠰᠡᠨ ᠬᠡᠪ ᠢᠶᠡᠷ ᠪᠠᠢᠢᠨ᠎ᠠ᠃

ᠲᠡᠢᠢᠮᠦ ᠡᠴᠡ ᠳᠡᠯᠡᠬᠡᠢ ᠢᠢᠨ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠷᠢᠯᠴᠠᠭ᠎ᠠ ᠢᠢ ᠢᠯᠡᠭᠦᠦ ᠨᠣᠭᠣᠭᠠᠨ᠂ ᠣᠷᠭᠠᠨᠢᠭ᠂ ᠴᠠᠬᠢᠮ ᠪᠠᠢᠢᠳᠠᠯ ᠢᠶᠠᠷ ᠲᠥᠷᠦᠯᠵᠢᠭᠦᠯᠵᠦ᠂ ᠳᠡᠪᠰᠢᠯᠲᠡᠲᠦ ᠲᠧᠭᠨᠣᠯᠣᠭᠢ᠂ ᠢᠨᠨᠣᠸᠠᠼ ᠨᠡᠪᠲᠡᠷᠡᠭᠦᠯᠦᠨ᠂ ᠦᠢᠯᠡᠳᠪᠦᠷᠢᠯᠡᠭᠴᠢᠳ᠂ ᠪᠠᠶᠠᠯᠢᠭ ᠪᠦᠲᠦᠭᠡᠭ᠍ᠴᠢᠳ ᠲᠥ ᠪᠡᠨ ᠰᠢᠨ᠎ᠡ ᠪᠣᠯᠤᠮᠵᠢ ᠨᠡᠭᠡᠭᠡᠵᠦ᠂ ᠥᠷᠢᠰᠦᠯᠳᠡᠬᠦ ᠴᠢᠳᠠᠪᠤᠷᠢ ᠢᠢ ᠨᠡᠮᠡᠭᠳᠡᠭᠦᠯᠵᠦ᠂ ᠲᠡᠭᠰᠢ ᠪᠣᠯᠤᠮᠵᠢ ᠣᠯᠭᠣᠬᠤ ᠱᠠᠭᠠᠷᠳᠠᠯᠭ᠎ᠠ ᠲᠠᠢ ᠪᠠᠢᠢᠨ᠎ᠠ᠃

ᠮᠣᠩ᠋ᠭᠣᠯ ᠤᠯᠤᠰ ᠠᠭᠤᠷ ᠠᠮᠢᠰᠬᠤᠯ ᠤᠨ ᠰᠥᠷᠭᠦ ᠨᠥᠯᠥᠭᠡᠯᠡᠯ ᠢ ᠪᠠᠭᠤᠷᠠᠭᠤᠯᠬᠤ᠂ ᠴᠥᠯᠵᠢᠯᠲᠡ᠂ ᠰᠢᠷᠤᠢᠢᠨ ᠰᠢᠭᠤᠷᠭ᠎ᠠ ᠢᠢ ᠰᠠᠭᠠᠷᠠᠭᠤᠯᠬᠤ᠂ ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ ᠢ ᠰᠠᠢᠢᠵᠢᠷᠠᠭᠤᠯᠬᠤ ᠴᠢᠭᠯᠡᠯ ᠢᠶᠡᠷ ᠪᠥᠰᠡ ᠨᠤᠲᠤᠭ᠂ ᠣᠯᠠᠨ ᠤᠯᠤᠰ ᠤᠨ ᠬᠠᠮᠲᠤ ᠢᠢᠨ ᠨᠡᠢᠢᠭᠡᠮᠯᠢᠭ᠌ ᠦᠨ ᠬᠦᠴᠦᠨ ᠴᠢᠷᠮᠠᠢᠢᠯᠲᠠ ᠢᠢ ᠲᠤᠭᠤᠰᠢᠲᠠᠢ ᠳᠡᠮᠵᠢᠵᠦ᠂ ᠥᠪᠡᠷ ᠦᠨ ᠵᠣᠬᠢᠬᠤ ᠬᠤᠪᠢ ᠨᠡᠮᠡᠷᠢ ᠪᠡᠨ ᠣᠷᠣᠭᠤᠯᠬᠤ ᠪᠠᠷ ᠢᠳᠡᠪᠬᠢᠲᠡᠢ ᠠᠵᠢᠯᠯᠠᠵᠤ ᠪᠠᠢᠢᠨ᠎ᠠ᠃

ᠡᠨᠡ ᠬᠦᠷᠢᠶᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠨ ᠣᠷᠣᠨ ᠳᠠᠶᠠᠭᠠᠷ ᠬᠡᠷᠡᠭᠵᠢᠭᠦᠯᠵᠦ ᠪᠠᠢᠢᠭ᠎ᠠ 《ᠲᠡᠷᠪᠤᠮ ᠮᠣᠳᠣ》᠂ 《ᠬᠦᠨᠡᠰᠦᠨ ᠦ ᠬᠠᠩ᠋ᠭᠠᠮᠵᠢ᠂ ᠠᠶᠤᠯ ᠦᠭᠡᠢ ᠪᠠᠢᠢᠳᠠᠯ》᠂ 《ᠡᠷᠡᠭᠦᠯ ᠮᠣᠩ᠋ᠭᠣᠯ ᠬᠦᠮᠦᠨ》 ᠦᠨᠳᠦᠰᠦᠨ ᠦ ᠬᠥᠳᠡᠯᠭᠡᠭᠡᠨ ᠢ ᠲᠥᠷᠥ᠂ ᠬᠤᠪ ᠤᠨ ᠬᠡᠪᠰᠢᠯ᠂ ᠪᠠᠶᠠᠯᠢᠭ ᠪᠦᠲᠦᠭᠡᠭᠴᠢᠳ᠂ ᠳᠣᠲᠣᠭᠠᠳᠤ᠂ ᠭᠠᠳᠠᠭᠠᠳᠤ ᠢᠢᠨ ᠬᠥᠷᠥᠩ᠋ᠭᠡ ᠣᠷᠣᠭᠤᠯᠤᠭᠴᠢᠳ᠂ ᠠᠷᠠᠳ ᠢᠷᠭᠡᠳ ᠳᠡᠮᠵᠢᠵᠦ᠂ ᠬᠠᠮᠲᠤᠷᠠᠨ ᠠᠵᠢᠯᠯᠠᠵᠤ ᠪᠠᠢᠢᠭ᠎ᠠ ᠢᠢ ᠳᠠᠭᠤᠯᠭᠠᠬᠤ ᠳᠤ ᠲᠠᠭᠠᠲᠠᠢ ᠪᠠᠢᠢᠨ᠎ᠠ᠃

ᠳᠡᠭᠡᠷᠡᠬᠢ ᠦᠨᠳᠦᠰᠦᠨ ᠦ ᠬᠥᠳᠡᠯᠭᠡᠭᠡᠨ ᠨᠦᠭᠦᠳ ᠨᠢ ᠪᠠᠢᠢᠭᠠᠯᠢ ᠣᠷᠴᠢᠨ᠂ ᠬᠦᠨᠡᠰᠦ᠂ ᠬᠥᠳᠡᠭᠡ ᠠᠵᠤ ᠠᠬᠤᠢ ᠢᠢᠨ ᠰᠠᠯᠪᠤᠷᠢ ᠢᠢᠨ ᠬᠥᠭ᠍ᠵᠢᠯ ᠢ ᠬᠤᠷᠳᠤᠰᠬᠠᠭᠠᠳ ᠵᠣᠭᠰᠣᠬᠤ ᠦᠭᠡᠢ ᠪᠥᠰᠡ ᠨᠤᠲᠤᠭ ᠤᠨ ᠬᠤᠳᠠᠯᠳᠤᠭ᠎ᠠ᠂ ᠬᠥᠷᠥᠩ᠋ᠭᠡ ᠣᠷᠣᠭᠤᠯᠤᠯᠲᠠ ᠢᠢ ᠳᠡᠮᠵᠢᠵᠦ᠂ ᠤᠯᠠᠮ ᠢᠶᠠᠷ ᠠᠵᠢᠯ ᠤᠨ ᠪᠠᠢᠢᠷᠢ ᠨᠡᠮᠡᠭᠳᠡᠭᠦᠯᠬᠦ᠂ ᠶᠠᠳᠠᠭᠤᠷᠠᠯ ᠢ ᠪᠠᠭᠤᠷᠠᠭᠤᠯᠬᠤ᠂ ᠢᠷᠭᠡᠳ ᠦᠨ ᠡᠷᠡᠭᠦᠯ᠂ ᠠᠶᠤᠯ ᠦᠭᠡᠢ ᠠᠮᠢᠳᠤᠷᠠᠬᠤ ᠣᠷᠴᠢᠨ ᠢ ᠪᠤᠢ ᠪᠣᠯᠭᠠᠬᠤ ᠵᠡᠷᠭᠡ ᠪᠡᠷ ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠨᠤᠭᠤᠳ ᠢ ᠬᠡᠷᠡᠭᠵᠢᠭᠦᠯᠬᠦ ᠳᠥ ᠡᠶᠡᠷᠭᠦ ᠦᠷ᠎ᠡ ᠳ᠋ᠦᠩ ᠠᠪᠴᠢᠷᠠᠨ᠎ᠠ ᠭᠡᠵᠦ ᠢᠲᠡᠭᠡᠵᠦ ᠪᠠᠢᠢᠨ᠎ᠠ᠃

ᠡᠷᠬᠢᠮ ᠵᠣᠴᠢᠳ᠂ ᠲᠥᠯᠥᠭᠡᠯᠡᠭᠴᠢᠳ ᠡ᠂

ᠠᠯᠢᠪᠠ ᠤᠯᠤᠰ ᠦᠨᠳᠦᠰᠦᠲᠡᠨ ᠦ ᠬᠥᠭ᠍ᠵᠢᠯ ᠴᠡᠴᠡᠭᠯᠡᠯᠲᠡ᠂ ᠭᠡᠷ ᠪᠦᠯᠢ ᠢᠢᠨ ᠰᠠᠢᠢᠨ ᠰᠠᠢᠢᠬᠠᠨ ᠪᠦᠬᠦᠨ ᠳᠥ ᠡᠮᠡᠭᠲᠡᠢᠢᠴᠦᠳ ᠦᠨ ᠡᠭᠦᠷᠭᠡ᠂ ᠣᠷᠣᠯᠴᠠᠭ᠎ᠠ ᠣᠨᠴᠤᠭᠤᠢ ᠴᠢᠬᠤᠯᠠ ᠡᠭᠦᠷᠭᠡ ᠲᠡᠢ ᠪᠠᠢᠢᠳᠠᠭ᠃

ᠡᠮᠡᠭᠲᠡᠢᠢᠴᠦᠳ ᠦᠨ ᠠᠵᠢᠯ ᠡᠷᠬᠢᠯᠡᠯᠲᠡ᠂ ᠪᠢᠽᠨ᠋ᠧᠰ ᠢ ᠳᠡᠮᠵᠢᠭᠰᠡᠨ ᠢᠶᠡᠷ ᠨᠡᠢᠢᠭᠡᠮ᠂ ᠡᠳ᠋ ᠍ ᠦᠨ ᠵᠠᠰᠠᠭ ᠲᠤ ᠥᠨᠳᠥᠷ ᠦᠷ᠎ᠡ ᠠᠰᠢᠭ ᠠᠪᠴᠢᠷᠠᠵᠤ᠂ ᠡᠳ᠋ ᠍ ᠦᠨ ᠵᠠᠰᠠᠭ ᠢ ᠲᠥᠷᠦᠯᠵᠢᠭᠦᠯᠬᠦ᠂ ᠳᠠᠷᠬᠠᠯᠠᠭ᠎ᠠ ᠢᠢ ᠨᠢ ᠨᠡᠮᠡᠭᠳᠡᠭᠦᠯᠬᠦ᠂ ᠣᠷᠣᠯᠭ᠎ᠠ ᠢᠢ ᠲᠡᠭᠰᠢ ᠪᠤᠰᠤ ᠪᠠᠢᠢᠳᠠᠯ ᠢ ᠪᠠᠭᠤᠷᠠᠭᠤᠯᠳᠠᠭ ᠵᠡᠷᠭᠡ ᠣᠯᠠᠨ ᠡᠶᠡᠷᠭᠥ ᠨᠥᠯᠥᠭᠡ ᠲᠡᠢ᠃

ᠣᠯᠠᠨ ᠤᠯᠤᠰ ᠤᠨ ᠸᠠᠯᠤᠢᠲ᠋ ᠢᠢᠨ ᠰᠠᠨᠭ᠌ ᠦᠨ ᠰᠤᠳᠤᠯᠭᠠᠨ ᠠᠴᠠ ᠦᠵᠡᠬᠦ ᠳᠥ ᠳᠡᠯᠡᠬᠡᠢ ᠢᠢᠨ ᠨᠡᠢᠢᠲᠡ ᠠᠵᠢᠯᠯᠠᠬᠤ ᠬᠦᠴᠦᠨ ᠦ 40 ᠣᠷᠴᠢᠮ ᠬᠤᠪᠢ ᠢᠢ ᠡᠮᠡᠭᠲᠡᠢᠢᠴᠦᠳ ᠪᠦᠷᠢᠳᠦᠭᠦᠯᠵᠦ᠂ ᠡᠮᠡᠭᠲᠡᠢ ᠠᠵᠢᠯᠯᠠᠬᠤ ᠬᠦᠴᠦᠨ ᠦ ᠣᠷᠣᠯᠴᠠᠭᠠᠨ ᠤ ᠲᠦᠪᠰᠢᠨ ᠡᠷᠡᠭᠲᠡᠢᠢᠴᠦᠳ ᠦᠨ ᠬᠢ ᠡᠴᠡ ᠪᠠᠷᠤᠭ 25 ᠬᠤᠪᠢ ᠪᠠᠷ ᠳᠣᠣᠭᠤᠷ ᠪᠠᠢᠢᠨ᠎ᠠ᠃

ᠮᠥᠨ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠪᠠᠨ᠂ ᠬᠥᠭ᠍ᠵᠢᠯ ᠦᠨ ᠪᠠᠢᠢᠭᠤᠯᠤᠯᠭ᠎ᠠ ᠢᠢᠨ ᠭᠡᠰᠢᠭᠦᠨ ᠤᠯᠤᠰ ᠣᠷᠣᠨ ᠨᠤᠭᠤᠳ ᠲᠤ ᠡᠷᠡᠭᠲᠡᠢ᠂ ᠡᠮᠡᠭᠲᠡᠢ ᠬᠦᠮᠦᠰ ᠦᠨ ᠴᠠᠯᠢᠩ 10-20 ᠬᠤᠪᠢ ᠤᠨ ᠵᠥᠷᠢᠭᠦᠦ ᠲᠡᠢ ᠪᠠᠢᠢᠭ᠎ᠠ ᠢᠢ ᠳᠤᠷᠠᠳᠴᠠᠢ᠃

ᠡᠮᠡᠭᠲᠡᠢᠢᠴᠦᠳ ᠠᠯᠪᠠᠨ ᠪᠤᠰᠤ ᠰᠠᠯᠪᠤᠷᠢ ᠲᠤ ᠲᠦᠯᠬᠢᠭᠦᠦ ᠠᠵᠢᠯᠯᠠᠵᠤ᠂ ᠠᠬᠤᠢ ᠢᠢᠨ ᠰᠢᠨᠵᠢ ᠲᠡᠢ ᠠᠵᠢᠯ ᠲᠦᠯᠬᠢᠭᠦᠦ ᠡᠷᠬᠢᠯᠡᠵᠦ᠂ ᠤᠳᠤᠷᠢᠳᠬᠤ ᠠᠯᠪᠠᠨ ᠲᠤᠰᠢᠶᠠᠯ ᠳᠤ ᠴᠤ ᠡᠷᠡᠴᠦᠳ ᠡᠴᠡ ᠴᠥᠭᠡᠨ ᠲᠣᠭ᠎ᠠ ᠪᠠᠷ ᠠᠵᠢᠯᠯᠠᠵᠤ ᠪᠠᠢᠢᠨ᠎ᠠ᠃

ᠡᠭᠦᠨ ᠦ ᠵᠡᠷᠭᠡᠴᠡᠭᠡ 10 ᠤᠯᠤᠰ ᠣᠷᠣᠨ ᠤ ᠶᠢᠰᠳ ᠨᠢ ᠡᠮᠡᠭᠲᠡᠢᠢᠴᠦᠳ ᠦᠨ ᠬᠦᠢᠰᠦ ᠪᠡᠷ ᠢᠯᠭᠠᠪᠤᠷᠢᠯᠠᠭᠰᠠᠨ ᠶᠠᠮᠠᠷ ᠨᠢᠭᠡᠨ ᠬᠠᠤᠯᠢ ᠢᠢᠨ ᠬᠢᠵᠠᠭᠠᠷᠯᠠᠯᠲᠠ ᠪᠠᠢᠢᠭ᠎ᠠ ᠨᠢ ᠡᠳ᠋ ᠍ ᠦᠨ ᠵᠠᠰᠠᠭ ᠳ᠋ᠠᠬᠢ ᠡᠮᠡᠭᠲᠡᠢᠢᠴᠦᠳ ᠦᠨ ᠣᠷᠣᠯᠴᠠᠭ᠎ᠠ ᠢᠢ ᠪᠦᠷᠢᠨ ᠠᠰᠢᠭᠯᠠᠵᠤ ᠴᠢᠳᠠᠬᠤ ᠦᠭᠡᠢ ᠪᠠᠢᠢᠭ᠎ᠠ ᠢᠢ ᠰᠤᠳᠤᠯᠭ᠎ᠠ ᠬᠠᠷᠠᠭᠤᠯᠵᠠᠢ᠃

ᠤᠯᠤᠰ ᠣᠷᠣᠨ ᠨᠤᠭᠤᠳ ᠤᠨ ᠲᠥᠷᠥ᠂ ᠵᠠᠰᠠᠭ ᠨᠢ ᠡᠮᠡᠭᠲᠡᠢᠢᠴᠦᠳ ᠢᠶᠡᠨ ᠰᠣᠨᠣᠰᠴᠤ᠂ ᠪᠦᠬᠦ ᠲᠠᠯ᠎ᠠ ᠪᠠᠷ ᠳᠡᠮᠵᠢᠵᠦ ᠪᠠᠢᠢᠵᠤ ᠳᠡᠯᠡᠬᠡᠢ ᠨᠡᠢᠢᠲᠡ ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠪᠠᠨ ᠪᠦᠷᠢᠨ ᠬᠡᠷᠡᠭᠵᠢᠭᠦᠯᠵᠦ ᠴᠢᠳᠠᠨ᠎ᠠ᠃

ᠬᠦᠮᠦᠨ ᠦ ᠡᠷᠬᠡ᠂ ᠡᠷᠬᠡ ᠴᠢᠯᠦᠭᠡ᠂ ᠰᠢᠳᠤᠷᠭᠤ ᠶᠣᠰᠣ ᠢᠢ ᠡᠷᠬᠢᠮᠯᠡᠭᠰᠡᠨ ᠠᠷᠠᠳᠴᠢᠯᠠᠭᠰᠠᠨ ᠮᠣᠩ᠋ᠭᠣᠯ ᠤᠯᠤᠰ ᠤᠯᠤᠰ ᠲᠥᠷᠥ᠂ ᠨᠡᠢᠢᠭᠡᠮ᠂ ᠰᠤᠶᠤᠯ᠂ ᠡᠳ᠋ ᠍ ᠦᠨ ᠵᠠᠰᠠᠭ ᠤᠨ ᠬᠥᠭ᠍ᠵᠢᠯ ᠳ᠋ᠦ ᠵᠧᠨᠳᠧᠷ ᠦᠨ ᠲᠡᠭᠰᠢ ᠣᠷᠣᠯᠴᠠᠭ᠎ᠠ ᠲᠠᠢ ᠪᠠᠢᠢᠬᠤ ᠵᠠᠷᠴᠢᠮ ᠢ ᠦᠨᠳᠦᠰᠦᠨ ᠬᠠᠤᠯᠢ ᠳ᠋ᠤ ᠪᠡᠨ ᠲᠤᠩᠬᠠᠭᠯᠠᠭᠰᠠᠨ ᠶᠤᠮ᠃

ᠮᠣᠩ᠋ᠭᠣᠯ ᠤᠯᠤᠰ ᠲᠤ ᠣᠳᠣ ᠪᠠᠷ 1.2 ᠰᠠᠶ᠎ᠠ ᠣᠷᠴᠢᠮ ᠬᠦᠮᠦᠨ ᠠᠯᠪᠠᠨ ᠶᠣᠰᠣᠭᠠᠷ ᠠᠵᠢᠯ ᠡᠷᠬᠢᠯᠡᠵᠦ ᠪᠠᠢᠢᠭ᠎ᠠ ᠢᠢᠨ 46.5 ᠬᠤᠪᠢ ᠡᠮᠡᠭᠲᠡᠢᠢᠴᠦᠳ ᠪᠠᠢᠢᠨ᠎ᠠ᠃ ᠨᠡᠢᠢᠲᠡ ᠠᠵᠢᠯ ᠡᠷᠬᠢᠯᠡᠵᠦ ᠪᠤᠢ ᠡᠮᠡᠭᠲᠡᠢᠢᠴᠦᠳ ᠦᠨ 65 ᠭᠠᠷᠤᠢ ᠬᠤᠪᠢ ᠨᠢ ᠴᠠᠯᠢᠩ ᠬᠥᠯᠦᠰᠦᠲᠡᠢ ᠪᠠᠢᠢᠭ᠎ᠠ ᠪᠣᠯ 13 ᠬᠤᠪᠢ ᠨᠢ ᠬᠤᠪᠢ ᠪᠠᠷ ᠢᠢᠠᠨ ᠬᠥᠳᠡᠯᠮᠦᠷᠢ ᠡᠷᠬᠢᠯᠡᠭᠴᠢᠳ᠂ 21 ᠬᠤᠪᠢ ᠨᠢ ᠮᠠᠯᠴᠢᠨ ᠡᠮᠡᠭᠲᠡᠢᠢᠴᠦᠳ ᠶᠤᠮ᠃

ᠡᠮᠡᠭᠲᠡᠢᠢᠴᠦᠳ ᠮᠠᠨᠢ ᠨᠡᠢᠢᠭᠡᠮ᠂ ᠡᠳ᠋ ᠍ ᠦᠨ ᠵᠠᠰᠠᠭ ᠤᠨ ᠪᠦᠬᠦᠢ ᠯᠠ ᠰᠠᠯᠪᠤᠷᠢ ᠲᠤ ᠠᠵᠢᠯᠯᠠᠵᠤ ᠪᠠᠢᠢᠭ᠎ᠠ ᠴᠤ ᠵᠢᠵᠢᠭ᠂ ᠳᠤᠮᠳᠠ᠂ ᠪᠢᠴᠢᠯ ᠪᠢᠽᠨ᠋ᠧᠰ ᠦᠨ ᠰᠠᠯᠪᠤᠷᠢ ᠲᠤ ᠲᠦᠯᠬᠢᠭᠦᠦ ᠠᠵᠢᠯᠯᠠᠵᠤ᠂ ᠪᠠᠶᠠᠯᠢᠭ ᠪᠦᠲᠦᠭᠡᠵᠦ ᠪᠠᠢᠢᠨ᠎ᠠ᠃
ᠡᠨᠡ ᠰᠠᠯᠪᠤᠷᠢ ᠲᠤ ᠪᠢᠽᠨ᠋ᠧᠰ ᠡᠷᠬᠢᠯᠡᠭᠴᠢᠳ ᠦᠨ ᠪᠠᠷᠤᠭ 70 ᠬᠤᠪᠢ ᠨᠢ ᠡᠮᠡᠭᠲᠡᠢᠢᠴᠦᠳ ᠪᠠᠢᠢᠭ᠎ᠠ ᠪᠥᠭᠡᠳ ᠲᠡᠳᠡᠨ ᠦ 80 ᠣᠷᠴᠢᠮ ᠬᠤᠪᠢ ᠨᠢ ᠬᠤᠳᠠᠯᠳᠤᠭ᠎ᠠ᠂ ᠦᠢᠯᠡᠴᠢᠯᠡᠭᠡ ᠪᠣᠯᠤᠨ ᠳᠠᠪᠲᠠᠨ ᠪᠣᠯᠪᠠᠰᠤᠷᠠᠭᠤᠯᠤᠯᠲᠠ ᠢᠢᠨ ᠰᠠᠯᠪᠤᠷᠢ ᠲᠤ ᠠᠵᠢᠯᠯᠠᠵᠤ᠂ 2009-2020 ᠣᠨ ᠤ ᠬᠣᠭᠣᠷᠣᠨᠳᠣ 50 ᠮᠢᠩ᠋ᠭᠠᠨ ᠠᠵᠢᠯ ᠤᠨ ᠪᠠᠢᠢᠷᠢ ᠰᠢᠨ᠎ᠡ ᠪᠡᠷ ᠪᠤᠢ ᠪᠣᠯᠭᠠᠵᠠᠢ᠃

ᠮᠣᠩ᠋ᠭᠣᠯ ᠤᠯᠤᠰ ᠡᠮᠡᠭᠲᠡᠢᠢᠴᠦᠳ ᠦᠨ ᠨᠡᠢᠢᠭᠡᠮ᠂ ᠡᠳ᠋ ᠍ ᠦᠨ ᠵᠠᠰᠠᠭ ᠤᠨ ᠬᠥᠭ᠍ᠵᠢᠯ ᠳ᠋ᠦ ᠤᠷᠤᠭᠤᠯᠬᠤ ᠬᠤᠪᠢ ᠨᠡᠮᠡᠷᠢ ᠢᠢ ᠨᠡᠮᠡᠭᠳᠡᠭᠦᠯᠬᠦ᠂ ᠵᠧᠨᠳᠧᠷ ᠦᠨ ᠲᠡᠭᠰᠢ ᠪᠠᠢᠢᠳᠠᠯ ᠢ ᠬᠠᠩ᠋ᠭᠠᠬᠤ᠂ ᠪᠢᠽᠨ᠋ᠧᠰ ᠡᠷᠬᠢᠯᠡᠭᠴᠢ ᠡᠮᠡᠭᠲᠡᠢᠢᠴᠦᠳ ᠢ ᠪᠦᠬᠦ ᠲᠠᠯ᠎ᠠ ᠪᠠᠷ ᠳᠡᠮᠵᠢᠬᠦ ᠴᠢᠭᠯᠡᠯ ᠳᠥ ᠣᠨᠴᠤᠭᠤᠢ ᠠᠩᠬᠠᠷᠴᠤ ᠪᠠᠢᠢᠨ᠎ᠠ᠃

ᠡᠨᠡ ᠬᠦᠷᠢᠶᠡᠨ ᠳᠥ ᠮᠣᠩ᠋ᠭᠣᠯ ᠤᠯᠤᠰ ᠤᠨ ᠶᠡᠬᠡ ᠬᠤᠷᠠᠯ ᠠᠵᠤ ᠠᠬᠤᠢ ᠡᠷᠬᠢᠯᠡᠭᠴᠢ ᠡᠮᠡᠭᠲᠡᠢᠢᠴᠦᠳ ᠦᠨ ᠡᠳ᠋ ᠍ ᠦᠨ ᠵᠠᠰᠠᠭ ᠳ᠋ᠠᠬᠢ ᠤᠷᠤᠯᠴᠠᠬᠤ ᠣᠷᠣᠯᠴᠠᠭ᠎ᠠ ᠢᠢ ᠨᠡᠮᠡᠭᠳᠡᠭᠦᠯᠬᠦ ᠲᠤᠬᠠᠢ ᠬᠠᠤᠯᠢ ᠢᠢᠨ ᠲᠥᠰᠥᠯ ᠢ ᠪᠣᠯᠪᠠᠰᠤᠷᠠᠭᠤᠯᠵᠤ ᠡᠬᠢᠯᠡᠭᠡᠳ ᠪᠠᠢᠢᠨ᠎ᠠ᠃

ᠡᠨᠡ ᠴᠢᠭᠤᠯᠭ᠎ᠠ ᠠᠭᠤᠯᠵᠠᠯᠲᠠ ᠢᠢᠨ ᠬᠦᠷᠢᠶᠡᠨ ᠳᠥ ᠣᠯᠠᠨ ᠤᠯᠤᠰ ᠤᠨ ᠬᠤᠳᠠᠯᠳᠤᠭᠠᠨ ᠤ ᠲᠥᠪ ᠦᠨ 《ᠡᠮᠡᠭᠲᠡᠢᠢᠴᠦᠳ ᠦᠨ ᠬᠤᠳᠠᠯᠳᠤᠭ᠎ᠠ ᠢᠢ ᠳᠡᠮᠵᠢᠬᠦ ᠲᠥᠪ – SheTrades Hub》 ᠍ ᠢᠢ ᠮᠣᠩ᠋ᠭᠣᠯ ᠤᠯᠤᠰ ᠲᠤ ᠠᠯᠪᠠᠨ ᠶᠣᠰᠣᠭᠠᠷ ᠨᠡᠭᠡᠭᠡᠵᠦ ᠪᠠᠢᠢᠭᠠᠳ ᠣᠯᠠᠨ ᠤᠯᠤᠰ ᠤᠨ ᠬᠤᠳᠠᠯᠳᠤᠭᠠᠨ ᠤ ᠲᠥᠪ ᠪᠣᠯᠤᠨ ᠮᠣᠩ᠋ᠭᠣᠯ ᠤᠨ ᠦᠨᠳᠦᠰᠦᠨ ᠦ ᠬᠤᠳᠠᠯᠳᠤᠭ᠎ᠠ᠂ ᠠᠵᠤ ᠦᠢᠯᠡᠳᠪᠦᠷᠢ ᠢᠢᠨ ᠲᠠᠩᠬᠢᠮ ᠳᠤ ᠭᠦᠨ ᠲᠠᠯᠠᠷᠬᠠᠯ ᠢᠯᠡᠷᠬᠡᠢᠢᠯᠡᠶ᠎ᠡ᠃

ᠡᠨᠡ ᠲᠥᠪ ᠡᠮᠡᠭᠲᠡᠢ ᠪᠢᠽᠨ᠋ᠧᠰ ᠡᠷᠬᠢᠯᠡᠭᠴᠢᠳ ᠢ ᠳᠡᠮᠵᠢᠵᠦ᠂ ᠮᠣᠩ᠋ᠭᠣᠯ ᠤᠯᠤᠰ ᠤᠨ ᠬᠤᠳᠠᠯᠳᠤᠭᠠᠨ ᠳᠤ ᠶᠡᠬᠡᠬᠡᠨ ᠬᠤᠪᠢ ᠨᠡᠮᠡᠷᠢ ᠣᠷᠣᠭᠤᠯᠤᠨ᠎ᠠ ᠭᠡᠳᠡᠭ ᠲᠥ ᠢᠲᠡᠭᠡᠯ ᠲᠡᠢ ᠪᠠᠢᠢᠨ᠎ᠠ᠃

ᠳᠡᠯᠡᠬᠡᠢ ᠨᠡᠢᠢᠲᠡ ᠢᠢᠨ ᠡᠮᠦᠨ᠎ᠡ ᠪᠣᠯᠤᠨ ᠣᠯᠠᠨ ᠤᠯᠤᠰ ᠤᠨ ᠬᠠᠷᠢᠯᠴᠠᠭᠠᠨ ᠳᠤ ᠲᠤᠯᠭᠠᠮᠳᠠᠵᠤ ᠪᠤᠢ ᠣᠯᠠᠨ ᠤᠯᠤᠰ ᠤᠨ ᠡᠩᠬᠡ ᠲᠠᠢᠢᠪᠤᠩ᠂ ᠠᠶᠤᠯ ᠦᠭᠡᠢ ᠪᠠᠢᠢᠳᠠᠯ᠂ ᠠᠭᠤᠷ ᠠᠮᠢᠰᠬᠤᠯ ᠤᠨ ᠥᠭᠡᠷᠡᠴᠢᠯᠡᠯᠲᠡ᠂ ᠬᠦᠨᠡᠰᠦᠨ ᠦ ᠠᠶᠤᠯ ᠦᠭᠡᠢ ᠪᠠᠢᠢᠳᠠᠯ ᠤᠨ ᠠᠰᠠᠭᠤᠳᠠᠯ ᠤᠨ ᠰᠢᠢᠳᠦᠯ ᠢ ᠬᠡᠯᠡᠯᠴᠡᠬᠦ ᠪᠡᠷ 《ᠭᠠᠳᠠᠭᠠᠳᠤ ᠬᠡᠷᠡᠭ ᠦᠨ ᠡᠮᠡᠭᠲᠡᠢ ᠰᠠᠢᠢᠳ ᠨᠠᠷ ᠤᠨ ᠣᠯᠠᠨ ᠤᠯᠤᠰ ᠤᠨ ᠠᠭᠤᠯᠵᠠᠯᠲᠠ》 ᠤᠯᠠᠭᠠᠨᠪᠠᠭᠠᠲᠤᠷ ᠬᠣᠲᠠ ᠳ᠋ᠤ ᠲᠤᠩ ᠤᠳᠠᠬᠤ ᠦᠭᠡᠢ ᠪᠣᠯᠬᠤ ᠭᠡᠵᠦ ᠪᠠᠢᠢᠭ᠎ᠠ ᠢᠢ ᠳᠠᠭᠤᠯᠭᠠᠬᠤ ᠳᠤ ᠲᠠᠭᠠᠲᠠᠢ ᠪᠠᠢᠢᠨ᠎ᠠ᠃

ᠡᠷᠬᠢᠮ ᠬᠦᠨᠳᠦᠳᠥ ᠲᠥᠯᠥᠭᠡᠯᠡᠭᠴᠢᠳ ᠡ᠂
ᠳᠡᠯᠡᠬᠡᠢ ᠳᠠᠬᠢᠨ ᠤ ᠬᠥᠭ᠍ᠵᠢᠯ ᠦᠨ ᠢᠷᠡᠭᠡᠳᠦᠢ ᠢᠢ ᠲᠣᠳᠣᠷᠬᠠᠢᠢᠯᠠᠵᠤ ᠪᠤᠢ ᠨᠢᠭᠡᠨ ᠴᠢᠬᠤᠯᠠ ᠠᠰᠠᠭᠤᠳᠠᠯ ᠪᠣᠯ ᠴᠠᠬᠢᠮ ᠰᠢᠯᠵᠢᠯᠲᠡ ᠪᠢᠯᠡ᠃ ᠬᠦᠮᠦᠨ ᠲᠥᠷᠥᠯᠬᠢᠲᠡᠨ ᠦ ᠥᠨᠥ ᠴᠠᠭ ᠤᠨ ᠠᠵᠤ ᠠᠮᠢᠳᠤᠷᠠᠯ᠂ ᠬᠥᠭ᠍ᠵᠢᠯ ᠳᠡᠪᠰᠢᠯ ᠢ ᠴᠠᠬᠢᠮ ᠶᠢᠷᠲᠢᠨᠴᠦ᠂ ᠴᠠᠬᠢᠮ ᠰᠢᠢᠳᠦᠯ᠂ ᠴᠠᠬᠢᠮ ᠬᠤᠳᠠᠯᠳᠤᠭ᠎ᠠ ᠦᠭᠡᠢ ᠪᠡᠷ ᠲᠥᠰᠥᠭᠡᠯᠡᠬᠦ ᠢᠢᠨ ᠠᠷᠭ᠎ᠠ ᠦᠭᠡᠢ᠃

ᠴᠠᠷ᠎ ᠲᠠᠬᠤᠯ ᠤᠨ ᠬᠦᠨᠳᠦ ᠵᠢᠯ ᠦᠳ ᠴᠠᠬᠢᠮ ᠰᠢᠯᠵᠢᠯᠲᠡ᠂ ᠴᠠᠬᠢᠮ ᠬᠤᠳᠠᠯᠳᠤᠭᠠᠨ ᠤ ᠡᠭᠦᠷᠭᠡ᠂ ᠠᠴᠢ ᠬᠣᠯᠪᠣᠭᠳᠠᠯ ᠢ ᠬᠦᠮᠦᠨ ᠲᠥᠷᠥᠯᠬᠢᠲᠡᠨ ᠳᠥ ᠬᠦᠴᠦᠲᠡᠢ ᠮᠡᠳᠡᠷᠡᠭᠦᠯᠦᠭᠰᠡᠨ᠃

ᠴᠠᠷ᠎ ᠲᠠᠬᠤᠯ ᠤᠨ ᠡᠮᠦᠨᠡᠬᠢ ᠦᠶ᠎ᠡ ᠪᠤᠶᠤ 2019 ᠣᠨ ᠤ ᠪᠠᠢᠢᠳᠠᠯ ᠢᠶᠠᠷ ᠳᠡᠯᠡᠬᠡᠢ ᠢᠢᠨ ᠴᠠᠬᠢᠮ ᠬᠤᠳᠠᠯᠳᠤᠭᠠᠨ ᠤ ᠬᠡᠮᠵᠢᠶ᠎ᠡ 27 ᠣᠷᠴᠢᠮ ᠲᠡᠷᠪᠤᠮ ᠠᠮ᠂ ᠳ᠋ᠣᠯᠯᠠᠷ ᠢᠶᠠᠷ ᠬᠡᠮᠵᠢᠭᠳᠡᠵᠦ᠂ 15 ᠨᠠᠰᠤᠨ ᠠᠴᠠ ᠳᠡᠭᠡᠭ᠍ᠰᠢ ᠨᠠᠰᠤᠨ ᠤ ᠳᠡᠯᠡᠬᠡᠢ ᠢᠢᠨ ᠨᠡᠢᠢᠲᠡ ᠬᠦᠮᠦᠨ ᠠᠮᠠ ᠢᠢᠨ 27 ᠬᠤᠪᠢ ᠪᠤᠶᠤ 1.5 ᠲᠡᠷᠪᠤᠮ ᠬᠦᠮᠦᠨ ᠴᠠᠬᠢᠮ ᠬᠤᠳᠠᠯᠳᠤᠭ᠎ᠠ ᠬᠡᠢᠢᠵᠡᠢ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠰᠤᠳᠤᠯᠭ᠎ᠠ ᠪᠠᠷ ᠴᠠᠷ᠎ ᠲᠠᠬᠤᠯ ᠤᠨ ᠦᠶ᠎ᠡ ᠪᠤᠶᠤ 2020 ᠣᠨ ᠳᠤ ᠳᠡᠯᠡᠬᠡᠢ ᠳᠠᠶᠠᠭᠠᠷ ᠦᠢᠯᠡᠴᠢᠯᠡᠭᠡᠨ ᠦ ᠡᠺᠰᠫᠣᠷᠲ 2019 ᠣᠨ ᠠᠴᠠ 20 ᠬᠤᠪᠢ ᠪᠠᠢ ᠪᠠᠭᠤᠷᠠᠭᠰᠠᠨ ᠴᠤ ᠴᠠᠬᠢᠮ ᠦᠢᠯᠡᠴᠢᠯᠡᠭᠡᠨ ᠦ ᠡᠺᠰᠫᠣᠷᠲ ᠳᠥᠩ᠋ᠭᠡᠵᠢ ᠬᠣᠶᠠᠷ ᠣᠷᠴᠢᠮ ᠬᠤᠪᠢ ᠪᠡᠷ ᠪᠠᠭᠤᠷᠠᠭᠰᠠᠨ ᠪᠠᠢᠢᠨ᠎ᠠ᠃ ᠲᠤᠬᠠᠢ ᠢᠢᠨ ᠦᠶ᠎ᠡ ᠳᠥ ᠴᠠᠬᠢᠮ ᠦᠢᠯᠡᠴᠢᠯᠡᠭᠡᠨ ᠦ ᠡᠺᠰᠫᠣᠷᠲ ᠨᠡᠢᠢᠲᠡ ᠦᠢᠯᠡᠴᠢᠯᠡᠭᠡᠨ ᠦ ᠡᠺᠰᠫᠣᠷᠲ ᠤᠨ 64 ᠬᠤᠪᠢ ᠢᠢ ᠪᠦᠷᠢᠳᠦᠭᠦᠯᠵᠡᠢ᠃

2005-2019 ᠣᠨ ᠤ ᠬᠣᠭᠣᠷᠣᠨᠳᠣ ᠴᠠᠬᠢᠮ ᠦᠢᠯᠡᠴᠢᠯᠡᠭᠡᠨ ᠦ ᠡᠺᠰᠫᠣᠷᠲ ᠳᠡᠯᠡᠬᠡᠢ ᠳᠠᠶᠠᠭᠠᠷ 12 ᠬᠤᠪᠢ ᠪᠠᠷ ᠥᠰᠦᠭᠰᠡᠨ ᠪᠠᠢᠢᠳᠠᠭ ᠪᠣᠯ ᠠᠽᠢ ᠲᠢᠢᠪ ᠲᠥ 21 ᠬᠤᠪᠢ ᠪᠠᠷ ᠥᠰᠦᠭᠰᠡᠨ ᠨᠢ ᠠᠽᠢ ᠢᠢᠨ ᠣᠷᠣᠨ ᠨᠤᠭᠤᠳ ᠴᠠᠬᠢᠮ ᠰᠢᠯᠵᠢᠯᠲᠡ ᠢᠢ ᠢᠯᠡᠭᠦᠦ ᠡᠷᠴᠢᠮ ᠲᠡᠢ ᠬᠢᠵᠦ ᠪᠠᠢᠢᠨ᠎ᠠ ᠭᠡᠰᠡᠨ ᠦᠭᠡ᠃

ᠴᠠᠬᠢᠮ ᠰᠢᠯᠵᠢᠯᠲᠡ ᠪᠡᠨ ᠦᠷ᠎ᠡ ᠳ᠋ᠦᠩ ᠲᠡᠢ᠂ ᠣᠨᠣᠪᠴᠢᠲᠠᠢ ᠵᠥᠪ ᠵᠣᠬᠢᠶᠠᠨ ᠪᠠᠢᠢᠭᠤᠯᠵᠤ᠂ ᠴᠠᠬᠢᠮ ᠡᠳ᠋ ᠍ ᠦᠨ ᠵᠠᠰᠠᠭ ᠤᠨ ᠥᠰᠦᠯᠲᠡ ᠪᠡᠨ ᠬᠤᠷᠳᠤᠰᠬᠠᠵᠤ ᠴᠢᠳᠠᠭᠰᠠᠨ ᠤᠯᠤᠰ ᠣᠷᠣᠨ ᠤ ᠬᠥᠳᠡᠯᠮᠦᠷᠢ ᠢᠢᠨ ᠪᠦᠲᠦᠭᠡᠮᠵᠢ ᠣᠯᠠᠨ ᠳᠠᠬᠢᠨ ᠨᠡᠮᠡᠭᠳᠡᠵᠦ ᠪᠠᠢᠢᠭ᠎ᠠ ᠢᠢ ᠣᠯᠠᠨ ᠤᠯᠤᠰ ᠤᠨ ᠪᠣᠳᠠᠲᠤ ᠲᠤᠷᠰᠢᠯᠭ᠎ᠠ᠂ ᠠᠮᠵᠢᠯᠲᠠ ᠨᠤᠭᠤᠳ ᠬᠠᠷᠠᠭᠤᠯᠵᠤ ᠪᠠᠢᠢᠨ᠎ᠠ᠃

ᠮᠣᠩ᠋ᠭᠣᠯ ᠤᠯᠤᠰ ᠴᠤ ᠪᠤᠰᠤᠳ ᠣᠷᠣᠨ ᠤ ᠵᠢᠱᠢᠭ ᠢᠶᠡᠷ ᠴᠠᠬᠢᠮ ᠰᠢᠯᠵᠢᠯᠲᠡ ᠢᠢ ᠡᠷᠴᠢᠮᠵᠢᠭᠦᠯᠬᠦ᠂ 《ᠴᠠᠬᠢᠮ ᠦᠨᠳᠦᠰᠦᠲᠡᠨ》 ᠪᠣᠯᠬᠤ ᠵᠣᠷᠢᠯᠭ᠎ᠠ ᠲᠠᠯᠪᠢᠵᠤ᠂ ᠥᠩ᠋ᠭᠡᠷᠡᠭᠰᠡᠨ ᠣᠨ ᠳᠤ ᠴᠠᠬᠢᠮ ᠬᠥᠭ᠍ᠵᠢᠯ᠂ ᠬᠠᠷᠢᠯᠴᠠᠭ᠎ᠠ ᠬᠣᠯᠪᠣᠭᠠᠨ ᠤ ᠶᠠᠮᠤᠨ ᠢᠢ ᠰᠢᠨ᠎ᠡ ᠪᠡᠷ ᠪᠠᠢᠢᠭᠤᠯᠤᠭᠰᠠᠨ᠃

ᠰᠤᠳᠤᠯᠭ᠎ᠠ ᠪᠠᠷ 3.4 ᠰᠠᠶ᠎ᠠ ᠬᠦᠮᠦᠨ ᠠᠮᠠ ᠲᠠᠢ ᠮᠣᠩ᠋ᠭᠣᠯ ᠤᠯᠤᠰ 4.8 ᠰᠠᠶ᠎ᠠ ᠢᠳᠡᠪᠬᠢᠲᠡᠢ ᠡᠭᠦᠷᠦᠨ ᠲᠧᠯᠧᠹᠣᠨ ᠤ ᠬᠡᠷᠡᠭᠯᠡᠭᠴᠢ ᠲᠡᠢ ᠪᠣᠯᠵᠤ᠂ 3.5 ᠰᠠᠶ᠎ᠠ ᠬᠡᠷᠡᠭᠯᠡᠭᠴᠢ ᠡᠳᠦᠷ ᠲᠤᠲᠤᠮ ᠳᠤ ᠪᠠᠨ ᠥᠨᠳᠥᠷ ᠬᠤᠷᠳᠤᠨ ᠤ ᠢᠨᠲ᠋ᠧᠷᠨᠡᠲ ᠠᠰᠢᠭᠯᠠᠵᠤ᠂ 1.3 ᠰᠠᠶ᠎ᠠ ᠬᠦᠮᠦᠨ ᠣᠯᠠᠨ ᠨᠡᠢᠢᠲᠡ ᠢᠢᠨ ᠴᠠᠬᠢᠮ ᠰᠤᠪᠠᠭ ᠤᠳ ᠢ ᠲᠣᠭᠲᠠᠮᠠᠯ ᠠᠰᠢᠭᠯᠠᠵᠤ ᠪᠠᠢᠢᠭ᠎ᠠ ᠨᠢ ᠮᠣᠩ᠋ᠭᠣᠯᠴᠤᠳ 《ᠴᠠᠬᠢᠮ ᠦᠨᠳᠦᠰᠦᠲᠡᠨ》 ᠪᠣᠯᠬᠤ ᠪᠦᠷᠢᠨ ᠪᠣᠯᠤᠮᠵᠢ ᠲᠠᠢ ᠢᠢ ᠢᠯᠡᠳᠬᠡᠳᠡᠭ᠃

ᠳᠠᠯᠠᠢ ᠳᠤ ᠭᠠᠷᠤᠴᠠ ᠦᠭᠡᠢ᠂ ᠬᠦᠮᠦᠨ ᠠᠮᠠ ᠢᠢᠨ ᠬᠤᠪᠢ ᠳᠤ ᠲᠠᠷᠬᠠᠮᠠᠯ ᠰᠠᠭᠤᠷᠢᠰᠢᠯ ᠲᠠᠢ ᠮᠣᠩ᠋ᠭᠣᠯ ᠤᠯᠤᠰ ᠴᠠᠬᠢᠮ ᠰᠢᠯᠵᠢᠯᠲᠡ᠂ ᠴᠠᠬᠢᠮ ᠬᠤᠳᠠᠯᠳᠤᠭ᠎ᠠ ᠢᠢ ᠬᠥᠭ᠍ᠵᠢᠭᠦᠯᠬᠦ ᠨᠢ ᠡᠳ᠋ ᠍ ᠦᠨ ᠵᠠᠰᠠᠭ᠂ ᠬᠤᠳᠠᠯᠳᠤᠭ᠎ᠠ ᠢᠢ ᠲᠥᠷᠦᠯᠵᠢᠭᠦᠯᠬᠦ ᠨᠢᠭᠡ ᠴᠢᠬᠤᠯᠠ ᠰᠤᠪᠠᠭ ᠶᠤᠮ᠃

ᠰᠡᠭᠦᠯ ᠦᠨ ᠵᠢᠯ ᠦᠳ ᠲᠥ ᠴᠠᠬᠢᠮ ᠬᠥᠭ᠍ᠵᠢᠯ ᠢ ᠡᠷᠴᠢᠮᠵᠢᠭᠦᠯᠬᠦ ᠳᠥ ᠣᠨᠴᠤᠭᠤᠢ ᠠᠩᠬᠠᠷᠴᠤ᠂ ᠰᠠᠭᠤᠷᠢᠨ ᠭᠠᠵᠠᠷ ᠤᠳ ᠲᠤ ᠱᠠᠭᠠᠷᠳᠠᠯᠭ᠎ᠠ ᠲᠠᠢ ᠳᠡᠳ᠋ ᠪᠦᠲᠦᠴᠡ ᠢᠢ ᠬᠥᠭ᠍ᠵᠢᠭᠦᠯᠦᠨ᠂ ᠢᠯᠠᠩ᠋ᠭᠤᠶ᠎ᠠ ᠢᠨᠲ᠋ᠧᠷᠨᠡᠲ ᠦᠨ ᠬᠦᠷᠲᠡᠭᠡᠮᠵᠢ ᠢᠢ ᠨᠡᠮᠡᠭᠳᠡᠭᠦᠯᠦᠭᠡᠳ ᠪᠠᠢᠢᠨ᠎ᠠ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠰᠤᠳᠤᠯᠭ᠎ᠠ ᠪᠠᠷ ᠮᠣᠩ᠋ᠭᠣᠯ ᠤᠯᠤᠰ ᠤᠨ 15 ᠍ ᠠᠴᠠ ᠳᠡᠭᠡᠭ᠍ᠰᠢ ᠨᠠᠰᠤᠨ ᠤ ᠢᠷᠭᠡᠳ ᠦᠨ ᠬᠢᠭ᠍ᠰᠡᠨ ᠴᠠᠬᠢᠮ ᠬᠤᠳᠠᠯᠳᠤᠭ᠎ᠠ 2017-2021 ᠣᠨ ᠤ ᠬᠣᠭᠣᠷᠣᠨᠳᠣ ᠲᠠᠪᠤ ᠳ᠋ᠠᠬᠢᠨ ᠨᠡᠮᠡᠭᠳᠡᠭᠰᠡᠨ ᠨᠢ ᠳᠠᠯᠠᠢ ᠳᠤ ᠭᠠᠷᠤᠴᠠ ᠦᠭᠡᠢ ᠣᠷᠣᠨ ᠨᠤᠭᠤᠳ ᠳᠤᠮᠳᠠ ᠪᠠᠨ ᠬᠠᠮᠤᠭ ᠤᠨ ᠥᠨᠳᠥᠷ ᠥᠰᠦᠯᠲᠡ᠂ ᠳᠡᠯᠡᠬᠡᠢ ᠳᠥ ᠴᠤ ᠳᠡᠭᠡᠭᠦᠷ ᠲᠥ ᠲᠣᠭᠠᠴᠠᠭᠳᠠᠵᠤ ᠪᠠᠢᠢᠨ᠎ᠠ᠃

ᠴᠠᠬᠢᠮ ᠬᠤᠳᠠᠯᠳᠤᠭ᠎ᠠ 2022 ᠣᠨ ᠤ ᠪᠠᠢᠢᠳᠠᠯ ᠢᠶᠠᠷ 352 ᠰᠠᠶ᠎ᠠ ᠠᠮ᠂ ᠳ᠋ᠣᠯᠯᠠᠷ ᠲᠤ ᠬᠦᠷᠴᠦ᠂ ᠨᠡᠢᠢᠲᠡ ᠬᠤᠳᠠᠯᠳᠤᠭᠠᠨ ᠤ ᠰᠠᠯᠪᠤᠷᠢ ᠢᠢᠨ 24 ᠬᠤᠪᠢ ᠲᠠᠢ ᠲᠡᠩᠴᠡᠵᠦ ᠪᠠᠢᠢᠭ᠎ᠠ ᠪᠥᠭᠡᠳ 2027 ᠭᠡᠬᠦ ᠳᠥ ᠪᠠᠷᠤᠭ ᠬᠣᠶᠠᠷ ᠳᠠᠬᠢᠨ ᠨᠡᠮᠡᠭᠳᠡᠵᠦ᠂ 600 ᠰᠠᠶ᠎ᠠ ᠠᠮ᠂ ᠳ᠋ᠣᠯᠯᠠᠷ ᠳᠠᠪᠠᠬᠤ ᠲᠥᠯᠥᠪᠲᠡᠢ ᠪᠠᠢᠢᠨ᠎ᠠ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠬᠡᠦᠬᠡᠳ ᠦᠨ ᠰᠠᠩ ᠤᠨ ᠰᠤᠳᠤᠯᠭ᠎ᠠ ᠪᠠᠷ ᠮᠠᠨ ᠤ ᠵᠠᠯᠠᠭᠤᠴᠤᠳ ᠤᠨ ᠴᠠᠬᠢᠮ ᠬᠥᠭ᠍ᠵᠢᠯ᠂ ᠴᠠᠬᠢᠮ ᠲᠧᠭᠨᠣᠯᠣᠭᠢ ᠢᠢᠨ ᠲᠠᠯᠠᠭᠠᠷᠬᠢ ᠪᠣᠯᠪᠠᠰᠤᠷᠠᠯ᠂ ᠮᠡᠳᠡᠯᠭᠡ ᠮᠡᠳᠡᠭᠳᠡᠬᠦᠢᠢᠴᠡ ᠰᠠᠢᠢᠵᠢᠷᠠᠵᠤ᠂ ᠪᠠᠷᠤᠭ ᠲᠡᠩ ᠬᠠᠭᠠᠰ ᠨᠢ ᠮᠡᠳᠡᠭᠡᠯᠡᠯ᠂ ᠲᠧᠭᠨᠣᠯᠣᠭᠢ ᠢᠢᠨ ᠶᠡᠷᠦᠩᠬᠡᠢ ᠮᠡᠳᠡᠯᠭᠡ ᠲᠡᠢ ᠪᠠᠢᠢᠭ᠎ᠠ ᠢᠢ ᠣᠨᠴᠠᠯᠠᠵᠠᠢ᠃

ᠲᠡᠭᠦᠨᠴᠢᠯᠡᠨ ᠳᠣᠲᠣᠭᠠᠳᠤ ᠢᠢᠨ ᠬᠤᠳᠠᠯᠳᠤᠭᠠᠨ ᠳᠤ ᠴᠠᠬᠢᠮ ᠲᠥᠯᠥᠪᠦᠷᠢ ᠲᠣᠭᠠᠴᠠᠭ᠎ᠠ ᠥᠷᠭᠡᠨ ᠢᠶᠡᠷ ᠨᠡᠪᠲᠡᠷᠡᠭᠡᠳ ᠪᠠᠢᠢᠨ᠎ᠠ᠃

ᠴᠠᠬᠢᠮ ᠰᠢᠯᠵᠢᠯᠲᠡ ᠢᠢ ᠡᠷᠴᠢᠮᠵᠢᠭᠦᠯᠬᠦ ᠳᠥ ᠪᠡᠨ ᠬᠤᠪᠢ ᠤᠨ ᠬᠡᠪᠰᠢᠯ᠂ ᠪᠢᠽᠨ᠋ᠧᠰ ᠡᠷᠬᠢᠯᠡᠭᠴᠢᠳ᠂ ᠪᠠᠶᠠᠯᠢᠭ ᠪᠦᠲᠦᠭᠡᠭ᠍ᠴᠢᠳ ᠢᠶᠡᠨ ᠳᠡᠮᠵᠢᠬᠦ᠂ ᠪᠢᠽᠨ᠋ᠧᠰ ᠦᠨ ᠣᠷᠴᠢᠨ ᠢ ᠰᠠᠢᠢᠵᠢᠷᠠᠭᠤᠯᠬᠤ᠂ ᠲᠥᠷᠥ ᠢᠢᠨ ᠦᠢᠯᠡᠴᠢᠯᠡᠭᠡ ᠢᠢ ᠬᠢᠯᠪᠠᠷᠰᠢᠭᠤᠯᠬᠤ᠂ ᠬᠦᠨᠳᠦ ᠰᠤᠷᠲᠠᠯ ᠢ ᠪᠠᠭᠤᠷᠠᠭᠤᠯᠬᠤ᠂ ᠴᠠᠭ ᠬᠤᠭᠤᠴᠠᠭ᠎ᠠ ᠬᠡᠮᠨᠡᠬᠦ ᠳᠥ ᠣᠨᠴᠤᠭᠤᠢ ᠠᠩᠬᠠᠷᠴᠤ ᠪᠠᠢᠢᠨ᠎ᠠ᠃

ᠡᠨᠡ ᠬᠦᠷᠢᠶᠡᠨ ᠳᠥ 《E-Mongolia》 ᠲᠥᠷᠥ ᠢᠢᠨ ᠦᠢᠯᠡᠴᠢᠯᠡᠭᠡᠨ ᠦ ᠴᠠᠬᠢᠮ ᠫᠯᠠᠲ᠋ᠹᠣᠷᠮ ᠢ ᠬᠥᠭ᠍ᠵᠢᠭᠦᠯᠵᠦ᠂ ᠲᠥᠷᠥ ᠢᠢᠨ 71 ᠪᠠᠢᠢᠭᠤᠯᠤᠯᠭ᠎ᠠ ᠢᠢᠨ 806 ᠦᠢᠯᠡᠴᠢᠯᠡᠭᠡ ᠢᠢ ᠴᠠᠬᠢᠮᠵᠢᠭᠤᠯᠤᠭᠠᠳ ᠪᠠᠢᠢᠭ᠎ᠠ ᠨᠢ ᠪᠢᠽᠨ᠋ᠧᠰ ᠡᠷᠬᠢᠯᠡᠭᠴᠢᠳ ᠢᠶᠡᠨ ᠳᠡᠮᠵᠢᠵᠦ ᠪᠤᠢ ᠴᠠᠬᠢᠮ ᠰᠢᠯᠵᠢᠯᠲᠡ ᠢᠢᠨ ᠡᠬᠢᠨ ᠦ ᠪᠣᠳᠠᠲᠤ ᠦᠷ᠎ᠡ ᠳ᠋ᠦᠩ ᠶᠤᠮ᠃

ᠪᠢᠽᠨ᠋ᠧᠰ ᠡᠷᠬᠢᠯᠡᠬᠦ ᠳᠥ ᠲᠥᠷᠥ ᠢᠢᠨ ᠵᠦᠭ ᠡᠴᠡ ᠲᠠᠯᠪᠢᠳᠠᠭ ᠲᠠᠲᠠᠪᠤᠷᠢ᠂ ᠪᠦᠷᠢᠳᠬᠡᠯ᠂ ᠵᠥᠪᠰᠢᠶᠡᠷᠡᠯ ᠵᠡᠷᠭᠡ ᠣᠯᠠᠨ ᠱᠠᠭᠠᠷᠳᠠᠯᠭ᠎ᠠ ᠢᠢ 《E-Business》 ᠴᠠᠬᠢᠮ ᠫᠯᠠᠲ᠋ᠹᠣᠷᠮ ᠢᠶᠠᠷ ᠳᠠᠮᠵᠢᠭᠤᠯᠤᠨ ᠱᠠᠲᠤ ᠳᠠᠷᠠᠭ᠎ᠠ ᠲᠠᠢ ᠴᠠᠬᠢᠮᠵᠢᠭᠤᠯᠤᠭᠠᠳ ᠪᠠᠢᠢᠭ᠎ᠠ ᠨᠢ ᠪᠢᠽᠨ᠋ᠧᠰ ᠦᠨ ᠣᠷᠴᠢᠨ ᠢ ᠰᠠᠢᠢᠵᠢᠷᠠᠭᠤᠯᠬᠤ ᠳᠤ ᠡᠶᠡᠷᠭᠦ ᠦᠷ᠎ᠡ ᠳ᠋ᠦᠩ ᠠᠪᠴᠢᠷᠠᠨ᠎ᠠ ᠭᠡᠵᠦ ᠢᠲᠡᠭᠡᠵᠦ ᠪᠠᠢᠢᠨ᠎ᠠ᠃

ᠴᠢᠨᠠᠭᠰᠢᠳᠠ ᠴᠠᠬᠢᠮ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠷᠢᠯᠴᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠥ ᠣᠷᠣᠯᠴᠠᠭᠴᠢ ᠲᠠᠯ ᠤᠳ ᠤᠨ ᠬᠣᠭᠣᠷᠣᠨᠳᠣᠬᠢ ᠢᠲᠡᠭᠡᠯᠴᠡᠯ᠂ ᠨᠠᠢᠢᠳᠠᠪᠤᠷᠢᠲᠠᠢ ᠠᠶᠤᠯ ᠦᠭᠡᠢ ᠪᠠᠢᠢᠳᠠᠯ ᠢ ᠬᠠᠩ᠋ᠭᠠᠬᠤ᠂ ᠬᠣᠯᠪᠣᠭᠳᠠᠬᠤ ᠲᠥᠯᠥᠪᠦᠷᠢ ᠲᠣᠭᠠᠴᠠᠭ᠎ᠠ᠂ ᠣᠷᠣᠨ ᠨᠤᠲᠤᠭ ᠤᠨ ᠰᠠᠭᠤᠷᠢ ᠳᠡᠳ᠋ ᠪᠦᠲᠦᠴᠡ ᠢᠢ ᠤᠯᠠᠮ ᠰᠠᠢᠢᠵᠢᠷᠠᠭᠤᠯᠬᠤ ᠱᠠᠭᠠᠷᠳᠠᠯᠭ᠎ᠠ ᠲᠠᠢ᠃

ᠮᠥᠨ ᠴᠠᠬᠢᠮ ᠰᠢᠯᠵᠢᠯᠲᠡ ᠢᠢ ᠡᠷᠴᠢᠮᠵᠢᠭᠦᠯᠬᠦ ᠳᠥ ᠪᠥᠰᠡ ᠨᠤᠲᠤᠭ ᠤᠨ ᠪᠣᠯᠤᠨ ᠣᠯᠠᠨ ᠤᠯᠤᠰ ᠤᠨ ᠬᠠᠮᠲᠤ ᠢᠢᠨ ᠠᠵᠢᠯᠯᠠᠭ᠎ᠠ ᠴᠢᠬᠤᠯᠠ ᠡᠭᠦᠷᠭᠡᠲᠡᠢ ᠢᠢ ᠣᠨᠴᠠᠯᠠᠨ ᠲᠡᠮᠳᠡᠭᠯᠡᠵᠦ ᠪᠠᠢᠢᠨ᠎ᠠ᠃

ᠡᠨᠡ ᠴᠢᠭᠤᠯᠭ᠎ᠠ ᠠᠭᠤᠯᠵᠠᠯᠲᠠ ᠪᠠᠷ ᠴᠠᠬᠢᠮ ᠬᠤᠳᠠᠯᠳᠤᠭ᠎ᠠ ᠢᠢ ᠥᠷᠭᠡᠵᠢᠭᠦᠯᠬᠦ ᠴᠢᠭᠯᠡᠯ ᠢᠶᠡᠷ ᠰᠠᠢᠢᠨ ᠲᠤᠷᠰᠢᠯᠭ᠎ᠠ᠂ ᠠᠵᠢᠯ ᠬᠡᠷᠡᠭᠴᠢ ᠰᠠᠨᠠᠯ ᠰᠠᠨᠠᠭᠠᠴᠢᠯᠠᠭ᠎ᠠ ᠭᠠᠷᠭᠠᠨ᠂ ᠬᠠᠮᠲᠤ ᠢᠢᠨ ᠠᠵᠢᠯᠯᠠᠭ᠎ᠠ ᠢᠢ ᠪᠠᠨ ᠥᠷᠭᠡᠵᠢᠭᠦᠯᠦᠨ᠎ᠡ ᠭᠡᠳᠡᠭ ᠲᠥ ᠢᠲᠡᠭᠡᠯ ᠲᠡᠢ ᠪᠠᠢᠢᠨ᠎ᠠ᠃

ᠡᠷᠬᠢᠮ ᠴᠢᠭᠤᠯᠭ᠎ᠠ ᠠᠭᠤᠯᠵᠠᠯᠲᠠ ᠢᠢᠨ ᠲᠥᠯᠥᠭᠡᠯᠡᠭᠴᠢᠳ ᠡ᠂
ᠳᠡᠯᠡᠬᠡᠢ ᠢᠢᠨ ᠨᠡᠢᠢᠲᠡ ᠬᠦᠮᠦᠨ ᠠᠮᠠ ᠢᠢᠨ 40 ᠭᠠᠷᠤᠢ ᠬᠤᠪᠢ ᠢᠢ 25 ᠍ ᠠᠴᠠ ᠳᠣᠭᠣᠭᠰᠢ ᠨᠠᠰᠤᠨ ᠤ ᠵᠠᠯᠠᠭᠤᠴᠤᠳ ᠡᠵᠡᠯᠡᠵᠦ ᠪᠠᠢᠢᠨ᠎ᠠ᠃

ᠥᠨᠥᠳᠥᠷ ᠦᠨ ᠭᠠᠷᠠᠭᠠᠨ ᠤ ᠪᠣᠯᠤᠨ ᠪᠢᠴᠢᠯ᠂ ᠵᠢᠵᠢᠭ᠂ ᠳᠤᠮᠳᠠ ᠪᠢᠽᠨ᠋ᠧᠰ ᠡᠷᠬᠢᠯᠡᠭᠴᠢ ᠵᠠᠯᠠᠭᠤᠴᠤᠳ ᠪᠣᠯ ᠮᠠᠷᠭᠠᠰᠢ ᠢᠢᠨ ᠠᠵᠢᠯ ᠣᠯᠭᠤᠭᠴᠢᠳ᠂ ᠪᠠᠶᠠᠯᠢᠭ ᠪᠦᠲᠦᠭᠡᠭ᠍ᠴᠢᠳ ᠪᠥᠭᠡᠳ ᠢᠷᠡᠭᠡᠳᠦᠢ ᠢᠢᠨ ᠬᠥᠭ᠍ᠵᠢᠯ ᠦᠨ ᠬᠥᠳᠡᠯᠭᠡᠭ᠍ᠴᠢ ᠬᠦᠴᠦ ᠶᠤᠮ᠃

ᠲᠡᠢᠢᠮᠦ ᠡᠴᠡ ᠵᠠᠯᠠᠭᠤᠴᠤᠳ ᠤᠨ ᠪᠢᠽᠨ᠋ᠧᠰ ᠡᠷᠬᠢᠯᠡᠯᠲᠡ ᠢᠢ ᠳᠡᠮᠵᠢᠬᠦ᠂ ᠤᠷᠮᠠᠰᠢᠭᠤᠯᠬᠤ ᠨᠢ ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠢᠢ ᠬᠡᠷᠡᠭᠵᠢᠭᠦᠯᠬᠦ ᠳᠥ ᠲᠤᠯᠭᠠᠮᠳᠠᠵᠤ ᠪᠠᠢᠢᠭ᠎ᠠ ᠠᠰᠠᠭᠤᠳᠠᠯ ᠶᠤᠮ᠃

ᠮᠣᠩ᠋ᠭᠣᠯ ᠤᠯᠤᠰ ᠤᠨ ᠬᠤᠪᠢ ᠳᠤ ᠨᠡᠢᠢᠲᠡ ᠬᠦᠮᠦᠨ ᠠᠮᠠ ᠢᠢᠨ 30 ᠬᠤᠪᠢ ᠨᠢ 15-34 ᠨᠠᠰᠤᠨ ᠤ ᠵᠠᠯᠠᠭᠤᠴᠤᠳ ᠪᠥᠭᠡᠳ ᠬᠠᠷᠢᠴᠠᠩ᠋ᠭᠤᠢ ᠰᠠᠢᠢᠨ ᠪᠣᠯᠪᠠᠰᠤᠷᠠᠯ ᠡᠵᠡᠮᠰᠢᠭᠰᠡᠨ ᠭᠡᠵᠦ ᠣᠯᠠᠨ ᠤᠯᠤᠰ ᠤᠨ ᠰᠤᠳᠤᠯᠤᠭᠠᠴᠢᠳ ᠦᠵᠡᠳᠡᠭ᠃

ᠳᠡᠭᠡᠷᠡᠬᠢ ᠨᠠᠰᠤᠨ ᠤ ᠵᠠᠯᠠᠭᠤᠴᠤᠳ ᠤᠨ 30 ᠭᠠᠷᠤᠢ ᠬᠤᠪᠢ ᠨᠢ ᠳᠡᠭᠡᠳᠦ ᠪᠣᠯᠪᠠᠰᠤᠷᠠᠯ ᠲᠠᠢ ᠴᠤ ᠠᠵᠢᠯᠭᠦᠢᠢᠳᠡᠯ ᠦᠨ ᠲᠦᠪᠰᠢᠨ 20 ᠣᠷᠴᠢᠮ ᠬᠤᠪᠢ ᠲᠠᠢ ᠪᠠᠢᠢᠭ᠎ᠠ ᠨᠢ ᠢᠵᠢᠯ ᠲᠥᠰᠲᠡᠢ ᠣᠷᠣᠨ ᠨᠤᠭᠤᠳ ᠲᠠᠢ ᠬᠠᠷᠢᠴᠠᠭᠤᠯᠬᠤ ᠳᠤ ᠥᠨᠳᠦᠷ ᠲᠥ ᠲᠣᠭᠠᠴᠠᠭᠳᠠᠳᠠᠭ᠃

ᠲᠡᠢᠢᠮᠦ ᠡᠴᠡ ᠡᠮᠡᠭᠲᠡᠢᠢᠴᠦᠳ ᠪᠣᠯᠤᠨ ᠵᠠᠯᠠᠭᠤᠴᠤᠳ ᠤᠨ ᠠᠵᠢᠯ ᠡᠷᠬᠢᠯᠡᠯᠲᠡ ᠢᠢ ᠨᠡᠮᠡᠭᠳᠡᠭᠦᠯᠬᠦ᠂ ᠲᠡᠳᠡᠨ ᠢ ᠴᠢᠨᠠᠷᠲᠠᠢ᠂ ᠪᠠᠢᠢᠩ᠋ᠭᠤ ᠢᠢᠨ ᠠᠵᠢᠯ ᠤᠨ ᠪᠠᠢᠢᠷᠢ ᠪᠠᠷ ᠬᠠᠩ᠋ᠭᠠᠬᠤ ᠨᠢ ᠴᠢᠬᠤᠯᠠ ᠪᠠᠢᠢᠨ᠎ᠠ᠃

ᠵᠠᠯᠠᠭᠤ ᠪᠢᠽᠨ᠋ᠧᠰ ᠡᠷᠬᠢᠯᠡᠭᠴᠢ ᠢᠢ ᠳᠡᠮᠵᠢᠬᠦ᠂ ᠲᠡᠳᠡᠨ ᠦ ᠪᠣᠯᠪᠠᠰᠤᠷᠠᠯ᠂ ᠡᠷᠬᠡ ᠵᠦᠢ ᠢᠢᠨ ᠣᠷᠴᠢᠨ ᠢ ᠰᠠᠢᠢᠵᠢᠷᠠᠭᠤᠯᠬᠤ᠂ ᠢᠨᠺᠦᠢᠪᠠᠲ᠋ᠤᠷ ᠲᠥᠪ ᠦᠳ ᠪᠠᠢᠢᠭᠤᠯᠬᠤ᠂ ᠠᠵᠤ ᠠᠬᠤᠢ ᠢᠢᠨ ᠨᠢᠭᠡᠴᠡ ᠨᠦᠭᠦᠳ ᠴᠠᠬᠢᠮ ᠰᠢᠢᠳᠦᠯ᠂ ᠰᠢᠨ᠎ᠡ ᠲᠧᠭᠨᠣᠯᠣᠭᠢ ᠨᠡᠪᠲᠡᠷᠡᠭᠦᠯᠬᠦ ᠢᠢ ᠨᠢ ᠤᠷᠮᠠᠰᠢᠭᠤᠯᠬᠤ᠂ ᠰᠠᠩᠬᠦᠦ ᠢᠢᠨ ᠳᠡᠮᠵᠢᠯᠭᠡ ᠦᠵᠡᠭᠦᠯᠬᠦ ᠵᠡᠷᠭᠡ ᠳᠥ ᠣᠨᠴᠤᠭᠤᠢ ᠠᠩᠬᠠᠷᠴᠤ ᠪᠠᠢᠢᠨ᠎ᠠ᠃

ᠮᠣᠩ᠋ᠭᠣᠯ ᠤᠯᠤᠰ ᠤᠨ ᠶᠡᠬᠡ ᠬᠤᠷᠠᠯ ᠴᠤ ᠬᠥᠳᠡᠯᠮᠦᠷᠢ ᠢᠢᠨ ᠲᠤᠬᠠᠢ ᠬᠠᠤᠯᠢ ᠢᠢ ᠰᠢᠨᠡᠴᠢᠯᠡᠨ ᠨᠠᠢᠢᠷᠠᠭᠤᠯᠵᠤ᠂ ᠪᠠᠲᠤᠯᠠᠨ ᠭᠠᠷᠭᠠᠯ᠎ᠠ᠃

ᠡᠨᠡ ᠴᠢᠭᠤᠯᠭ᠎ᠠ ᠠᠭᠤᠯᠵᠠᠯᠲᠠ ᠪᠠᠷ ᠵᠠᠯᠠᠭᠤ ᠪᠢᠽᠨ᠋ᠧᠰ ᠡᠷᠬᠢᠯᠡᠭᠴᠢᠳ ᠦᠨ ᠡᠮᠦᠨ᠎ᠡ ᠲᠤᠯᠭᠠᠮᠳᠠᠭᠰᠠᠨ ᠴᠢᠬᠤᠯᠠ ᠠᠰᠠᠭᠤᠳᠠᠯ ᠤᠳ ᠢ ᠬᠥᠨᠳᠡᠨ ᠬᠡᠯᠡᠯᠴᠡᠵᠦ᠂ ᠵᠠᠯᠠᠭᠤᠰ ᠤᠨ ᠮᠡᠳᠡᠯᠭᠡ ᠣᠶᠤᠨ᠂ ᠪᠢᠽᠨ᠋ᠧᠰ ᠲᠥ ᠬᠥᠷᠥᠩ᠋ᠭᠡ ᠣᠷᠣᠭᠤᠯᠵᠤ᠂ ᠲᠡᠳᠡᠨ ᠢ ᠤᠷᠮᠠᠰᠢᠭᠤᠯᠤᠨ᠂ ᠳᠡᠮᠵᠢᠭᠰᠡᠨ ᠢᠶᠡᠷ ᠬᠠᠷᠢᠭᠤᠴᠠᠯᠭ᠎ᠠ ᠲᠠᠢ᠂ ᠬᠦᠷᠲᠡᠭᠡᠮᠵᠢᠲᠡᠢ᠂ ᠨᠣᠭᠣᠭᠠᠨ ᠬᠥᠭ᠍ᠵᠢᠯ ᠢ ᠪᠤᠢ ᠪᠣᠯᠭᠠᠵᠤ ᠴᠢᠳᠠᠨ᠎ᠠ ᠭᠡᠳᠡᠭ ᠲᠥ ᠢᠲᠡᠭᠡᠯ ᠲᠡᠢ ᠪᠠᠢᠢᠨ᠎ᠠ᠃

ᠡᠨᠡ ᠳᠠᠰᠢᠷᠠᠮ ᠳᠤ ᠡᠨᠡ ᠴᠢᠭᠤᠯᠭᠠᠨ ᠤ ᠦᠶ᠎ᠡ ᠪᠡᠷ ᠵᠣᠬᠢᠶᠠᠨ ᠪᠠᠢᠢᠭᠤᠯᠤᠭᠳᠠᠬᠤ 《ᠵᠠᠯᠠᠭᠤ ᠡᠺᠣ-ᠫᠷᠧᠨᠧᠷ ᠦᠳ ᠦᠨ ᠤᠷᠤᠯᠳᠤᠭᠠᠨ》 ᠍ ᠳᠤ ᠳᠡᠯᠡᠬᠡᠢ ᠢᠢᠨ ᠥᠨᠴᠥᠭ ᠪᠤᠯᠤᠨᠭ᠌ ᠪᠦᠷᠢ ᠡᠴᠡ ᠣᠷᠣᠯᠴᠠᠵᠤ ᠪᠤᠢ ᠵᠠᠯᠠᠭᠤ ᠪᠢᠽᠨ᠋ᠧᠰ ᠡᠷᠬᠢᠯᠡᠭᠴᠢᠳ᠂ ᠢᠷᠡᠭᠡᠳᠦᠢ ᠢᠢᠨ ᠡᠵᠡᠳ ᠲᠠ ᠪᠦᠬᠦᠨ ᠳᠥ ᠪᠡᠨ ᠠᠮᠵᠢᠯᠲᠠ ᠬᠦᠰᠡᠶ᠎ᠡ᠃
ᠡᠷᠬᠢᠮᠰᠦᠭ ᠬᠠᠲᠤᠭᠲᠠᠢ᠂ ᠨᠣᠶᠠᠳ ᠠ᠋᠂

ᠡᠨᠡ ᠨᠡᠷ᠎ᠡ ᠬᠦᠨᠳᠦᠲᠡᠢ ᠣᠯᠠᠨ ᠤᠯᠤᠰ ᠤᠨ ᠴᠢᠭᠤᠯᠭ᠎ᠠ ᠠᠭᠤᠯᠵᠠᠯᠲᠠ᠂ ᠬᠠᠮᠲᠤ ᠢᠢᠨ ᠠᠵᠢᠯᠯᠠᠭ᠎ᠠ᠂ ᠶᠠᠷᠢᠶ᠎ᠠ ᠬᠡᠯᠡᠴᠡᠯ᠂ ᠨᠢᠭᠡᠳᠦᠭᠰᠡᠨ ᠵᠥᠪᠰᠢᠯᠴᠡᠯ ᠨᠢ ᠳᠡᠯᠡᠬᠡᠢ ᠨᠡᠢᠢᠲᠡ ᠢᠢᠨ ᠲᠣᠭᠲᠠᠪᠤᠷᠢᠲᠠᠢ᠂ ᠬᠦᠷᠲᠡᠭᠡᠮᠵᠢᠲᠡᠢ ᠬᠥᠭ᠍ᠵᠢᠯ ᠳᠡᠪᠰᠢᠯ ᠳᠥ ᠲᠦᠯᠬᠢᠴᠡ ᠦᠵᠡᠭᠦᠯᠦᠨ᠎ᠡ ᠭᠡᠳᠡᠭ ᠲᠥ ᠢᠲᠡᠭᠡᠯ ᠲᠡᠢ ᠪᠠᠢᠢᠨ᠎ᠠ᠃

ᠳᠡᠯᠡᠬᠡᠢ ᠨᠡᠢᠢᠲᠡ ᠢᠢᠨ ᠲᠣᠭᠲᠠᠪᠤᠷᠢᠲᠠᠢ ᠬᠥᠭ᠍ᠵᠢᠯ ᠦᠨ ᠲᠥᠯᠥᠭᠡ᠂ ᠬᠦᠮᠦᠨ ᠲᠥᠷᠥᠯᠬᠢᠲᠡᠨ ᠦ ᠡᠷᠡᠭᠦᠯ᠂ ᠠᠶᠤᠯ ᠦᠭᠡᠢ᠂ ᠠᠮᠤᠷ ᠲᠠᠢᠢᠪᠤᠩ ᠠᠮᠢᠳᠤᠷᠠᠯ ᠤᠨ ᠲᠥᠯᠥᠭᠡ ᠬᠠᠮᠲᠤ ᠳᠤ ᠪᠠᠨ ᠬᠦᠴᠦᠨ ᠵᠢᠳᠬᠦᠴᠡᠭᠡᠶ᠎ᠡ᠃

ᠡᠷᠬᠢᠮ ᠬᠦᠨᠳᠦᠳᠥ ᠵᠣᠴᠢᠳ᠂ ᠲᠥᠯᠥᠭᠡᠯᠡᠭᠴᠢᠳ ᠲᠠ ᠪᠦᠬᠦᠨ ᠶᠡᠬᠡ ᠡᠵᠡᠨ ᠴᠢᠩ᠋ᠭᠢᠰ ᠬᠠᠭᠠᠨ ᠤ ᠥᠯᠥᠭᠡᠢ ᠨᠤᠲᠤᠭ ᠮᠣᠩ᠋ᠭᠣᠯ ᠤᠯᠤᠰ ᠲᠤ ᠲᠠᠪᠠᠲᠠᠢ ᠮᠣᠷᠢᠯᠠᠵᠤ᠂ ᠲᠤᠬᠠᠯᠠᠨ ᠰᠠᠭᠠᠳᠠᠭᠠᠷᠠᠢ᠃

20 ᠳ᠋ᠠᠬᠢ ᠤᠳᠠᠭ᠎ᠠ ᠢᠢᠨ 《ᠳᠡᠯᠡᠬᠡᠢ ᠢᠢᠨ ᠡᠺᠰᠫᠣᠷᠲ ᠢ ᠳᠡᠮᠵᠢᠬᠦ ᠴᠢᠭᠤᠯᠭ᠎ᠠ ᠠᠭᠤᠯᠵᠠᠯᠲᠠ》 ᠠᠯᠪᠠᠨ ᠶᠣᠰᠣᠭᠠᠷ ᠨᠡᠭᠡᠭᠡᠭ᠍ᠰᠡᠨ ᠢ ᠮᠡᠳᠡᠭᠳᠡᠶ᠎ᠡ᠃

ᠴᠢᠭᠤᠯᠭ᠎ᠠ ᠠᠭᠤᠯᠵᠠᠯᠲᠠ ᠳᠤ ᠠᠮᠵᠢᠯᠲᠠ ᠬᠦᠰᠡᠶ᠎ᠡ》 ᠭᠡᠯ᠎ᠡ᠃