Та "Internet explorer"-ийн сүүлийн хувилбар болох "Microsoft edge"-г ашиглана уу

Хэрэв "Microsoft edge"-г татах бол энд дарж татаж авна уу

ᠭᠠᠳᠠᠭᠠᠳᠤ ᠬᠡᠷᠡᠭ ᠦᠨ ᠡᠮᠡᠭᠲᠡᠢ ᠰᠠᠢᠢᠳ ᠨᠠᠷ ᠤᠨ ᠠᠭᠤᠯᠵᠠᠯᠲᠠ ᠡᠬᠢᠯᠡᠯ᠎ᠡ

ᠭᠠᠳᠠᠭᠠᠳᠤ ᠬᠡᠷᠡᠭ ᠦᠨ ᠰᠠᠢᠢᠳ ᠪᠠ‍᠂ ᠪᠠᠲᠤᠴᠡᠴᠡᠭ ᠦᠨ ᠰᠠᠨᠠᠭᠠᠴᠢᠯᠠᠭ᠎ᠠ ᠪᠠᠷ ᠮᠣᠩ᠋ᠭᠣᠯ ᠤᠯᠤᠰ ᠲᠤ ᠠᠩᠬ᠎ᠠ ᠤᠳᠠᠭ᠎ᠠ ᠵᠣᠬᠢᠶᠠᠨ ᠪᠠᠢᠢᠭᠤᠯᠵᠤ ᠪᠤᠢ ᠭᠠᠳᠠᠭᠠᠳᠤ ᠬᠡᠷᠡᠭ ᠦᠨ ᠡᠮᠡᠭᠲᠡᠢ ᠰᠠᠢᠢᠳ ᠨᠠᠷ ᠤᠨ ᠠᠭᠤᠯᠵᠠᠯᠲᠠ ᠲᠥᠷᠥ ᠢᠢᠨ ᠣᠷᠳᠣᠨ ᠳᠤ ᠡᠬᠢᠯᠡᠯ᠎ᠡ᠃

ᠠᠭᠤᠯᠵᠠᠯᠲᠠ ᠪᠠᠷ 《ᠠᠭᠤᠷ ᠠᠮᠢᠰᠬᠤᠯ ᠤᠨ ᠥᠭᠡᠷᠡᠴᠢᠯᠡᠯᠲᠡ》᠂ 《ᠬᠦᠨᠡᠰᠦᠨ ᠦ ᠠᠶᠤᠯ ᠦᠭᠡᠢ ᠪᠠᠢᠢᠳᠠᠯ》᠂ 《ᠣᠯᠠᠨ ᠤᠯᠤᠰ ᠤᠨ ᠡᠩᠬᠡ ᠲᠠᠢᠢᠪᠤᠩ᠂ ᠠᠶᠤᠯ ᠦᠭᠡᠢ ᠪᠠᠢᠢᠳᠠᠯ ᠢ ᠪᠡᠬᠢᠵᠢᠭᠦᠯᠬᠦ ᠦᠢᠯᠡᠰ ᠳ᠋ᠡᠬᠢ ᠡᠮᠡᠭᠲᠡᠢᠢᠴᠦᠳ ᠦᠨ ᠣᠷᠣᠯᠴᠠᠭ᠎ᠠ》 ᠰᠡᠳᠦᠪ ᠢᠶᠡᠷ ᠰᠠᠯᠪᠤᠷᠢ ᠬᠤᠷᠠᠯᠳᠤᠭᠠᠨ ᠪᠣᠯᠬᠤ ᠢᠢᠨ ᠵᠡᠷᠭᠡᠴᠡᠭᠡ ᠥᠨᠳᠥᠷ ᠲᠦᠪᠰᠢᠨ ᠦ ᠠᠭᠤᠯᠵᠠᠯᠲᠠ ᠨᠤᠭᠤᠳ ᠪᠣᠯᠬᠤ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠠᠭᠤᠯᠵᠠᠯᠲᠠ ᠢᠢ ᠨᠡᠭᠡᠭᠡᠵᠦ ᠦᠭᠡ ᠬᠡᠯᠡᠯ᠎ᠡ᠃ ᠲᠡᠷᠡ ᠪᠡᠷ᠎ᠡ ᠳᠡᠯᠡᠬᠡᠢ ᠶᠢᠷᠲᠢᠨᠴᠦ ᠢᠢᠨ ᠠᠮᠤᠷ ᠠᠮᠤᠭᠤᠯᠠᠩ᠂ ᠠᠶᠤᠯ ᠦᠭᠡᠢ ᠪᠠᠢᠢᠳᠠᠯ ᠢ ᠬᠠᠩ᠋ᠭᠠᠬᠤ᠂ ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠨᠤᠭᠤᠳ ᠢ ᠬᠡᠷᠡᠭᠵᠢᠭᠦᠯᠬᠦ ᠳᠥ ᠤᠯᠤᠰ ᠣᠷᠣᠨ ᠨᠤᠭᠤᠳ ᠤᠨ ᠡᠮᠡᠭᠲᠡᠢ ᠤᠳᠤᠷᠢᠳᠤᠭᠴᠢᠳ ᠤᠨ ᠡᠭᠦᠷᠭᠡ ᠣᠷᠣᠯᠴᠠᠭ᠎ᠠ᠂ ᠮᠠᠩᠯᠠᠢᠢᠯᠠᠯ ᠨᠡᠩ ᠴᠢᠬᠤᠯᠠ ᠪᠠᠢᠢᠭ᠎ᠠ ᠢᠢ ᠲᠡᠮᠳᠡᠭᠯᠡᠪᠡ᠃

ᠵᠧᠨᠳᠧᠷ ᠦᠨ ᠲᠡᠭᠰᠢ ᠪᠠᠢᠢᠳᠠᠯ ᠢ ᠬᠠᠩ᠋ᠭᠠᠵᠤ᠂ ᠡᠮᠡᠭᠲᠡᠢᠢᠴᠦᠳ ᠦᠨ ᠡᠷᠬᠡ ᠢᠢ ᠬᠠᠮᠠᠭᠠᠯᠠᠬᠤ ᠨᠢ ᠬᠦᠮᠦᠨ ᠦ ᠡᠷᠬᠡ ᠢᠢᠨ ᠰᠠᠯᠤᠰᠢ ᠦᠭᠡᠢ ᠬᠡᠰᠡᠭ᠂ ᠠᠷᠠᠳᠴᠢᠯᠠᠯ ᠤᠨ ᠦᠨᠳᠦᠰᠦᠨ ᠰᠢᠯᠭᠠᠭᠤᠷ ᠭᠡᠳᠡᠭ ᠢ ᠭᠦᠨ᠎ᠡ ᠤᠬᠠᠮᠰᠠᠷᠯᠠᠵᠤ᠂ ᠠᠮᠤᠷ ᠠᠮᠤᠭᠤᠯᠠᠩ᠂ ᠡᠪ ᠨᠢᠭᠡᠳᠦᠯ ᠲᠡᠢ ᠳᠡᠯᠡᠬᠡᠢ ᠶᠢᠷᠲᠢᠨᠴᠦ ᠢᠢ ᠪᠦᠲᠦᠭᠡᠬᠦ ᠢᠢᠨ ᠲᠥᠯᠥᠭᠡ ᠬᠠᠮᠲᠤᠷᠠᠨ ᠠᠵᠢᠯᠯᠠᠬᠤ ᠢᠢ ᠤᠷᠢᠶᠠᠯᠠᠯ᠎ᠠ᠃

ᠭᠠᠳᠠᠭᠠᠳᠤ ᠬᠠᠷᠢᠯᠴᠠᠭᠠᠨ ᠤ ᠰᠠᠢᠢᠳ ᠪᠠ‍᠂ ᠪᠠᠲᠤᠴᠡᠴᠡᠭ 《ᠬᠦᠢᠰᠥ ᠦᠨ ᠲᠡᠭᠰᠢ ᠪᠠᠢᠢᠳᠠᠯ ᠢ ᠬᠠᠩ᠋ᠭᠠᠬᠤ ᠢᠢᠨ ᠲᠥᠯᠥᠭᠡ ᠪᠦᠭᠦᠳᠡ ᠬᠦᠴᠥ ᠪᠡᠨ ᠨᠢᠭᠡᠳᠬᠡᠵᠦ᠂ ᠡᠮᠡᠭᠲᠡᠢᠢᠴᠦᠳ ᠦᠨ ᠪᠦᠷᠢᠨ ᠣᠷᠣᠯᠴᠠᠭ᠎ᠠ ᠢᠢ ᠬᠢᠵᠠᠭᠠᠷᠯᠠᠵᠤ ᠪᠤᠢ ᠠᠮᠢᠳᠤᠷᠠᠯ ᠤᠨ ᠪᠦᠬᠦᠢ ᠯᠠ ᠲᠠᠯᠠᠪᠤᠷ ᠳ᠋ᠠᠬᠢ ᠰᠠᠭᠠᠳ ᠪᠡᠷᠬᠡᠰᠢᠶᠡᠯ ᠢ ᠠᠷᠢᠯᠭᠠᠬᠤ ᠢᠢᠨ ᠲᠥᠯᠥᠭᠡ ᠬᠠᠮᠲᠤᠷᠠᠨ ᠠᠵᠢᠯᠯᠠᠬᠤ ᠶᠣᠰᠣᠲᠠᠢ》 ᠭᠡᠪᠡ᠃

ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠢᠢᠨ ᠣᠷᠣᠯᠠᠭᠴᠢ ᠠᠮᠢᠨ᠎ᠠ ᠮᠣᠾᠣᠮᠮᠧᠳ᠋᠂ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠣᠷᠣᠯᠠᠭᠴᠢ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠪᠥᠭᠡᠳ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠨᠡᠩ ᠪᠠᠭᠤᠷᠠᠢ ᠬᠥᠭ᠍ᠵᠢᠯ ᠲᠡᠢ᠂ ᠳᠠᠯᠠᠢ ᠳᠤ ᠭᠠᠷᠤᠴᠠ ᠦᠭᠡᠢ ᠬᠥᠭ᠍ᠵᠢᠵᠦ ᠪᠤᠢ ᠪᠣᠯᠤᠨ ᠠᠷᠠᠯ ᠤᠨ ᠵᠢᠵᠢᠭ ᠣᠷᠣᠨ ᠨᠤᠭᠤᠳ ᠤᠨ ᠠᠰᠠᠭᠤᠳᠠᠯ ᠡᠷᠬᠢᠯᠡᠭᠰᠡᠨ ᠳᠡᠭᠡᠳᠦ ᠲᠥᠯᠥᠭᠡᠯᠡᠭᠴᠢ ᠷᠠᠪᠠᠪ ᠹᠠᠲ᠋ᠢᠮᠠ ᠪᠣᠯᠤᠨ ᠪᠦᠭᠦᠳᠡ ᠨᠠᠢᠢᠷᠠᠮᠳᠠᠬᠤ ᠠᠷᠠᠳᠴᠢᠯᠠᠭᠰᠠᠨ ᠰᠣᠯᠣᠩ᠋ᠭᠣᠰ ᠠᠷᠠᠳ ᠤᠯᠤᠰ᠂ ᠠᠨᠳᠣᠷᠷ ᠤᠨ ᠬᠠᠨᠲᠤ ᠤᠯᠤᠰ᠂ ᠶᠠᠫᠣᠨ ᠤᠯᠤᠰ᠂ ᠯᠶᠤᠢᠺᠰᠧᠮᠪᠦᠢᠷᠭ᠌ ᠶᠡᠬᠡ ᠭᠦᠩᠲᠦ ᠤᠯᠤᠰ᠂ ᠪᠦᠭᠦᠳᠡ ᠨᠠᠢᠢᠷᠠᠮᠳᠠᠬᠤ ᠰᠣᠯᠣᠩ᠋ᠭᠣᠰ ᠤᠯᠤᠰ ᠤᠨ ᠭᠠᠳᠠᠭᠠᠳᠤ ᠬᠡᠷᠡᠭ ᠦᠨ ᠰᠠᠢᠢᠳ ᠨᠠᠷ ᠠᠭᠤᠯᠵᠠᠯᠲᠠ ᠳᠤ ᠣᠷᠣᠯᠴᠠᠭᠰᠠᠳ ᠲᠤ ᠠᠮᠵᠢᠯᠲᠠ ᠬᠦᠰᠡᠵᠦ᠂ ᠸᠢᠳ᠋ᠶᠣ᠋ ᠮᠡᠨᠳᠦᠴᠢᠯᠡᠭᠡ ᠳᠡᠪᠰᠢᠭᠦᠯᠪᠡ᠃

ᠠᠭᠤᠯᠵᠠᠯᠲᠠ ᠢᠢ ᠭᠧᠷᠮᠠᠨ᠂ ᠹᠷᠠᠨᠼ ᠳᠡᠮᠵᠢᠨ᠂ ᠬᠠᠮᠲᠤᠷᠠᠨ ᠵᠣᠬᠢᠶᠠᠨ ᠪᠠᠢᠢᠭᠤᠯᠵᠤ ᠪᠠᠢᠢᠭ᠎ᠠ ᠪᠥᠭᠡᠳ ᠭᠠᠳᠠᠭᠠᠳᠤ ᠬᠡᠷᠡᠭ ᠦᠨ ᠰᠠᠢᠢᠳ ᠨᠠᠷ ᠨᠢ ᠪᠡᠶᠡᠴᠢᠯᠡᠨ ᠣᠷᠣᠯᠴᠠᠵᠤ ᠪᠠᠢᠢᠨ᠎ᠠ᠃

ᠠᠭᠤᠯᠵᠠᠯᠲᠠ ᠳᠤ ᠳᠡᠯᠡᠬᠡᠢ ᠢᠢᠨ ᠪᠥᠰᠡ ᠨᠤᠲᠤᠭ ᠪᠦᠷᠢ ᠢᠢᠨ ᠲᠥᠯᠥᠭᠡᠯᠡᠯ᠂ ᠲᠤᠬᠠᠢᠢᠯᠠᠪᠠᠯ ᠪᠦᠺᠢᠨᠠ ᠹᠠᠰᠣ‍᠂ ᠢᠨᠳᠥᠨᠧᠽ᠂ ᠯᠢᠾᠲ᠋ᠧᠨᠱᠲ᠋ᠠᠢᠢᠨ᠂ ᠡᠮᠦᠨᠡᠲᠦ ᠠᠹᠷᠢᠺᠠ ᠢᠢᠨ ᠭᠠᠳᠠᠭᠠᠳᠤ ᠬᠡᠷᠡᠭ ᠦᠨ ᠰᠠᠢᠢᠳ᠂ ᠠᠦᠢᠰᠲ᠋ᠷᠠᠯᠢᠶ᠎ᠠ᠂ ᠮᠣᠽᠠᠮᠪᠢᠺ ᠤᠨ ᠵᠧᠨᠳᠡᠷ ᠦᠨ ᠠᠰᠠᠭᠤᠳᠠᠯ ᠬᠠᠷᠢᠭᠤᠴᠠᠭᠰᠠᠨ ᠲᠤᠰᠬᠠᠢ ᠡᠭᠦᠷᠭᠡ ᠭᠦᠢᠴᠡᠳᠬᠡᠭ᠍ᠴᠢ ᠡᠯᠴᠢᠨ ᠰᠠᠢᠢᠳ ᠪᠣᠯᠤᠨ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ᠂ ᠣᠯᠠᠨ ᠤᠯᠤᠰ ᠤᠨ ᠪᠤᠰᠤᠳ ᠪᠠᠢᠢᠭᠤᠯᠤᠯᠭ᠎ᠠ ᠢᠢᠨ ᠲᠥᠯᠥᠭᠡᠯᠡᠭᠴᠢᠳ ᠪᠡᠶᠡᠴᠢᠯᠡᠨ᠂ 10 ᠭᠠᠷᠤᠢ ᠤᠯᠤᠰ ᠤᠨ ᠭᠠᠳᠠᠭᠠᠳᠤ ᠬᠡᠷᠡᠭ ᠦᠨ ᠰᠠᠢᠢᠳ ᠴᠠᠬᠢᠮ ᠢᠶᠠᠷ ᠣᠷᠣᠯᠴᠠᠵᠤ ᠪᠠᠢᠢᠨ᠎ᠠ᠃

ᠳᠡᠯᠡᠬᠡᠢ ᠢᠢᠨ ᠬᠦᠮᠦᠨ ᠠᠮᠠ ᠢᠢᠨ ᠲᠠᠯ᠎ᠠ ᠬᠤᠪᠢ ᠢᠢ ᠡᠵᠡᠯᠡᠳᠡᠭ ᠡᠮᠡᠭᠲᠡᠢᠢᠴᠦᠳ ᠦᠨ ᠡᠷᠬᠡ ᠢᠢ ᠬᠠᠮᠠᠭᠠᠯᠠᠬᠤ᠂ ᠲᠡᠳᠡᠨ ᠢ ᠴᠢᠳᠠᠪᠬᠢᠵᠢᠭᠤᠯᠬᠤ᠂ ᠵᠧᠨᠳᠡᠷ ᠦᠨ ᠲᠡᠭᠰᠢ ᠪᠠᠢᠢᠳᠠᠯ ᠢ ᠬᠠᠩ᠋ᠭᠠᠬᠤ ᠳᠤ ᠴᠢᠭᠯᠡᠭᠰᠡᠨ ᠹᠧᠮᠢᠨᠢᠰᠲ ᠪᠣᠯᠤᠨ ᠹᠧᠮᠢᠨᠢᠰᠲ ᠴᠢᠭ᠌ ᠪᠠᠷᠢᠮᠵᠢᠶ᠎ᠠ ᠲᠠᠢ ᠭᠠᠳᠠᠭᠠᠳᠤ ᠪᠣᠳᠣᠯᠭ᠎ᠠ ᠬᠡᠷᠡᠭᠵᠢᠭᠦᠯᠵᠦ ᠪᠤᠢ ᠣᠷᠣᠨ ᠨᠤᠭᠤᠳ ᠤᠨ ᠲᠣᠭ᠎ᠠ ᠰᠡᠭᠦᠯ ᠦᠨ ᠵᠢᠯ ᠦᠳ ᠲᠥ ᠨᠡᠮᠡᠭᠳᠡᠵᠦ ᠪᠠᠢᠢᠨ᠎ᠠ᠃

ᠮᠣᠩ᠋ᠭᠣᠯ ᠤᠯᠤᠰ ᠴᠤ ᠡᠮᠡᠭᠲᠡᠢᠢᠴᠦᠳ ᠲᠥ ᠴᠢᠭᠯᠡᠭᠰᠡᠨ ᠪᠣᠳᠣᠯᠭ᠎ᠠ ᠢᠢ ᠭᠠᠳᠠᠭᠠᠳᠤ ᠬᠠᠷᠢᠯᠴᠠᠭᠠᠨ ᠳᠤ ᠪᠠᠨ ᠲᠠᠰᠤᠷᠠᠯᠲᠠ ᠦᠭᠡᠢ ᠶᠠᠪᠤᠭᠤᠯᠵᠤ᠂ ᠵᠧᠨᠳᠡᠷ ᠦᠨ ᠵᠠᠭᠠᠭ ᠢᠯᠭᠠᠭ᠎ᠠ ᠢᠢ ᠠᠷᠢᠯᠭᠠᠬᠤ ᠳᠤ ᠴᠢᠭᠯᠡᠭᠰᠡᠨ ᠦᠢᠯᠡ ᠠᠵᠢᠯᠯᠠᠭ᠎ᠠ ᠢᠢ ᠲᠣᠭᠲᠠᠮᠠᠯ ᠳᠡᠮᠵᠢᠵᠦ ᠢᠷᠡᠭᠰᠡᠨ ᠶᠤᠮ᠃

ᠡᠨᠡ ᠠᠭᠤᠯᠵᠠᠯᠲᠠ ᠨᠢ ᠮᠣᠩ᠋ᠭᠣᠯ ᠤᠯᠤᠰ ᠤᠨ ᠪᠣᠳᠣᠯᠭ᠎ᠠ᠂ ᠪᠠᠢᠢᠷᠢ ᠰᠠᠭᠤᠷᠢ ᠢᠢ ᠲᠠᠨᠢᠭᠤᠯᠬᠤ ᠲᠡᠳᠦᠢ ᠦᠭᠡᠢ ᠵᠧᠨᠳᠡᠷ ᠦᠨ ᠲᠡᠭᠰᠢ ᠪᠠᠢᠢᠳᠠᠯ ᠢ ᠬᠠᠩ᠋ᠭᠠᠬᠤ ᠳᠤ ᠴᠢᠭᠯᠡᠭᠰᠡᠨ ᠣᠯᠠᠨ ᠤᠯᠤᠰ ᠤᠨ ᠬᠠᠮᠲᠤ ᠢᠢᠨ ᠨᠡᠢᠢᠭᠡᠮᠯᠢᠭ᠌ ᠦᠨ ᠬᠦᠴᠦ ᠴᠢᠷᠮᠠᠢᠢᠯᠲᠠ ᠳᠤ ᠣᠷᠣᠭᠤᠯᠵᠤ ᠪᠤᠢ ᠪᠣᠳᠠᠲᠤ ᠬᠤᠪᠢ ᠨᠡᠮᠡᠷᠢ ᠪᠣᠯᠤᠨ᠎ᠠ᠃

ᠭᠠᠳᠠᠭᠠᠳᠤ ᠬᠡᠷᠡᠭ ᠦᠨ ᠡᠮᠡᠭᠲᠡᠢ ᠰᠠᠢᠢᠳ ᠨᠠᠷ ᠤᠨ ᠠᠭᠤᠯᠵᠠᠯᠲᠠ ᠬᠣᠶᠠᠷ ᠡᠳᠦᠷ ᠦᠷᠭᠦᠯᠵᠢᠯᠡᠨ᠎ᠡ᠃