Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠂ ᠬᠦᠷᠡᠯᠰᠦ᠋ᠬᠡ ᠰᠢᠯᠢᠳᠡᠭ ᠪᠦᠲᠦᠭᠡᠯ ᠦᠳ ᠲᠥ ᠲᠥᠷᠦ ᠢᠢᠨ ᠱᠠᠩᠨᠠᠯ ᠬᠦᠷᠲᠡᠭᠡᠪᠡ

ᠮᠣᠩ᠋ᠭᠣᠯ ᠤᠨ ᠰᠣᠶᠣᠯ᠂ ᠤᠷᠠᠯᠢᠭ ᠤᠨ ᠰᠠᠯᠪᠤᠷᠢ ᠲᠤ ᠠᠪᠢᠶᠠᠰ ᠪᠢᠯᠢᠭ᠌᠂ ᠬᠥᠳᠡᠯᠮᠦᠷᠢ ᠪᠦᠲᠦᠭᠡᠯ ᠢᠶᠡᠨ ᠣᠯᠠᠨ ᠵᠢᠯ ᠵᠣᠷᠢᠭᠤᠯᠵᠤ᠂ ᠬᠥᠭ᠍ᠵᠢᠮ ᠦᠨ ᠤᠷᠠᠯᠢᠭ ᠲᠤ ᠲᠤᠤᠯᠢᠰ ᠤᠨ ᠲᠥᠷᠦᠯ ᠦᠨ ᠰᠢᠨ᠎ᠡ ᠤᠷᠤᠰᠬᠠᠯ ᠴᠢᠭᠯᠡᠯ ᠭᠠᠷᠭᠠᠨ᠂ ᠣᠷᠴᠢᠨ ᠴᠠᠭ ᠤᠨ ᠷᠣᠺ ᠫᠣᠫ ᠬᠥᠭ᠍ᠵᠢᠮ ᠢ ᠬᠥᠭ᠍ᠵᠢᠭᠦᠯᠬᠦ᠂ ᠰᠢᠨ᠎ᠡ ᠵᠠᠯᠠᠭᠤ ᠠᠪᠢᠶᠠᠰᠯᠢᠭ ᠤᠷᠠᠨ ᠪᠦᠲᠦᠭᠡᠯᠴᠢᠳ ᠢ ᠪᠡᠯᠡᠳᠬᠡᠬᠦ ᠳᠥ ᠢᠳᠡᠪᠬᠢ ᠰᠠᠨᠠᠭᠠᠴᠢᠯᠭ᠎ᠠ ᠲᠠᠢ ᠠᠵᠢᠯᠯᠠᠵᠤ ᠪᠠᠢᠢᠭ᠎ᠠ ᠮᠣᠩ᠋ᠭᠣᠯ ᠤᠯᠤᠰ ᠤᠨ ᠤᠷᠠᠯᠢᠭ ᠤᠨ ᠭᠠᠪᠢᠶᠠᠲᠤ ᠵᠢᠳᠬᠦᠯᠲᠡᠨ᠂ ᠬᠥᠭ᠍ᠵᠢᠮ ᠦᠨ ᠵᠣᠬᠢᠶᠠᠯᠴᠢ ᡀᠠᠬᠪᠠᠳᠣᠷᠵᠢ ᠢᠢᠨ ᠪᠠᠯᠬᠠᠵᠠᠪ ᠤᠨ ᠡᠬᠡ ᠣᠷᠣᠨ᠂ ᠲᠤᠰᠠᠭᠠᠷ ᠲᠣᠭᠲᠠᠨᠢᠯ ᠤᠨ ᠦᠨ᠎ᠡ ᠴᠡᠨ᠎ᠡ ᠢᠢ ᠲᠠᠨᠢᠭᠤᠯᠬᠤ᠂ ᠶᠡᠬᠡ ᠲᠡᠦᠬᠡ᠂ ᠥᠪ ᠰᠣᠶᠣᠯ ᠢ ᠲᠦᠭᠡᠭᠡᠨ ᠳᠡᠯᠭᠡᠷᠡᠭᠦᠯᠬᠦ ᠳᠥ ᠦᠨᠡᠲᠡᠢ ᠬᠤᠪᠢ ᠨᠡᠮᠡᠷᠢ ᠣᠷᠣᠭᠤᠯᠤᠭᠰᠠᠨ 《ᠠᠮᠢᠨ ᠬᠠᠢᠢᠷ᠎ᠠ ᠢᠢᠨ ᠡᠬᠡ ᠣᠷᠣᠨ》᠂ 《ᠪᠤᠷᠬᠠᠨ ᠡᠬᠡ ᠣᠷᠣᠨ》᠂ 《ᠮᠢᠨᠤ ᠮᠣᠩ᠋ᠭᠣᠯ ᠤᠨ ᠨᠠᠭᠠᠳᠤᠮ》 ᠬᠥᠭ᠍ᠵᠢᠮ ᠦᠨ ᠪᠦᠲᠦᠭᠡᠯ ᠳᠥ ᠮᠣᠩ᠋ᠭᠣᠯ ᠤᠯᠤᠰ ᠤᠨ ᠲᠥᠷᠦ ᠢᠢᠨ ᠱᠠᠩᠨᠠᠯ ᠬᠦᠷᠲᠡᠭᠡᠪᠡ᠃
ᠮᠥᠨ ᠠᠨᠠᠭᠠᠬᠤ ᠤᠬᠠᠭᠠᠨ ᠤ ᠰᠠᠯᠪᠤᠷᠢ ᠲᠤ ᠴᠢᠰᠤᠨ ᠤ ᠡᠭᠦᠳᠦᠯ ᠡᠰᠡ ᠰᠢᠯᠵᠢᠭᠦᠯᠦᠨ ᠰᠠᠭᠤᠯᠭᠠᠬᠤ ᠡᠮᠴᠢᠯᠡᠭᠡ ᠢᠢ ᠨᠡᠪᠲᠡᠷᠡᠭᠦᠯᠦᠨ ᠨᠤᠲᠤᠭᠰᠢᠭᠤᠯᠵᠤ᠂ ᠴᠢᠰᠤᠨ ᠤ ᠡᠪᠡᠳᠴᠢᠨ ᠦ ᠣᠨᠣᠰᠢᠯᠠᠭ᠎ᠠ᠂ ᠡᠮᠴᠢᠯᠡᠭᠡᠨ ᠦ ᠴᠢᠨᠠᠷ᠂ ᠬᠢᠮᠢ ᠡᠮᠴᠢᠯᠡᠭᠡᠨ ᠦ ᠫᠷᠣᠲ᠋ᠣᠺᠣᠯ ᠢ ᠣᠯᠠᠨ ᠤᠯᠤᠰ ᠤᠨ ᠲᠦᠪᠰᠢᠨ ᠳᠥ ᠣᠢᠢᠷᠠᠲᠤᠭᠤᠯᠵᠤ ᠴᠢᠰᠤ ᠰᠤᠳᠤᠯᠤᠯ᠂ ᠤᠳᠤᠮ ᠵᠦᠢ᠂ ᠮᠣᠯᠧᠺᠤᠯ ᠪᠢᠣᠯᠣᠭᠢ᠂ ᠯᠠᠪᠤᠷᠠᠲ᠋ᠣᠷᠢ᠂ ᠳᠠᠷᠬᠠᠯᠠᠭ᠎ᠠ ᠰᠤᠳᠤᠯᠤᠯ᠂ ᠡᠮᠭᠡᠭ ᠹᠢᠽᠢᠣᠯᠣᠭᠢ ᠵᠡᠷᠭᠡ ᠰᠠᠯᠪᠤᠷᠢ ᠢᠢᠨ ᠬᠥᠭ᠍ᠵᠢᠯ ᠳ᠋ᠦ ᠵᠢᠩᠲᠡᠢ ᠬᠤᠪᠢ ᠨᠡᠮᠡᠷᠢ ᠣᠷᠣᠭᠤᠯᠤᠭᠰᠠᠨ ᠠᠨᠠᠭᠠᠬᠤ ᠢᠢᠨ ᠰᠢᠨᠵᠢᠯᠡᠬᠦ ᠤᠬᠠᠭᠠᠨ ᠤ ᠰᠠᠯᠪᠤᠷᠢ ᠢᠢᠨ ᠡᠷᠳᠡᠮᠲᠡᠨ᠂ ᠡᠮᠴᠢ ᠨᠠᠷ ᠤᠨ ᠲᠤᠭᠤᠷᠪᠢᠭᠰᠠᠨ 《ᠠᠯᠯᠤ‍ ᠪᠣᠯᠤᠨ ᠠᠤᠢᠲᠤ‍ ᠴᠢᠰᠤᠨ ᠤ ᠡᠭᠦᠳᠦᠯ ᠡᠰ ᠰᠢᠯᠵᠢᠭᠦᠯᠦᠨ ᠰᠠᠭᠤᠯᠭᠠᠬᠤ ᠡᠮᠴᠢᠯᠡᠭᠡ ᠢᠢ ᠮᠣᠩ᠋ᠭᠣᠯ ᠤᠯᠤᠰ ᠲᠤ ᠨᠡᠪᠲᠡᠷᠡᠭᠦᠯᠦᠭᠰᠡᠨ ᠦᠷ᠎ᠡ ᠳ᠋ᠦᠩ》 ᠪᠦᠲᠦᠭᠡᠯ ᠳᠥ ᠮᠣᠩ᠋ᠭᠣᠯ ᠤᠯᠤᠰ ᠤᠨ ᠲᠥᠷᠥ ᠢᠢᠨ ᠱᠠᠩᠨᠠᠯ ᠬᠦᠷᠲᠡᠭᠡᠯ ᠡ᠃ 

ᠲᠥᠷᠥ ᠢᠢᠨ ᠱᠠᠩᠨᠠᠯ ᠢ ᠰᠤᠳᠤᠯᠭᠠᠨ ᠤ ᠪᠠᠭ ᠤᠨ ᠠᠬᠠᠯᠠᠭᠴᠢ᠂ ᠠᠷᠠᠳ ᠤᠨ ᠡᠮᠴᠢ᠂ ᠳ᠋ᠣᠺᠲ᠋ᠣᠷ᠂ ᠳᠡᠳ᠋ ᠫᠷᠣᠹᠧᠰᠰᠣᠷ ᠨᠣᠷᠪᠤ ᠢᠢᠨ ᠣᠶᠤᠨᠳᠡᠯᠭᠡᠷ᠂ ᠪᠠᠭ ᠤᠨ ᠭᠡᠰᠢᠭᠦᠨ ᠠᠨᠠᠭᠠᠬᠤ ᠤᠬᠠᠭᠠᠨ ᠤ ᠳ᠋ᠣᠺᠲ᠋ᠣᠷ᠂ ᠺᠯᠢᠨᠢᠺ ᠤᠨ ᠫᠷᠣᠹᠧᠰᠰᠣᠷ ᠪᠠᠲᠤᠰᠦ᠋ᠬᠡ ᠢᠢᠨ ᠬᠡᠰᠢᠭ᠍ᠵᠢᠷᠭᠠᠯ᠂ ᠲᠡᠷᠢᠭᠦᠯᠡᠬᠦ ᠵᠡᠷᠭᠡ ᠢᠢᠨ ᠡᠮᠴᠢ᠂ ᠺᠯᠢᠨᠢᠺ ᠤᠨ ᠫᠷᠣᠹᠧᠰᠰᠣᠷ ᠰᠦᠬᠡᠪᠠᠭᠠᠲᠤᠷ ᠤᠨ ᠮᠢᠳᠤᠭᠰᠦ᠋ᠷᠦᠩ᠂ ᠲᠡᠷᠢᠭᠦᠯᠡᠬᠦ ᠵᠡᠷᠭᠡ ᠢᠢᠨ ᠡᠮᠴᠢ᠂ ᠺᠯᠢᠨᠢᠺ ᠤᠨ ᠫᠷᠣᠹᠧᠰᠰᠣᠷ ᠠᠶᠤᠷᠵᠠᠨ᠎ᠠ ᠤᠨ ᠨᠠᠩᠰᠠᠯᠮ᠎ᠠ᠂ ᠲᠡᠷᠢᠭᠦᠯᠡᠬᠦ ᠵᠡᠷᠭᠡ ᠢᠢᠨ ᠡᠮᠴᠢ᠂ ᠺᠯᠢᠨᠢᠺ ᠤᠨ ᠫᠷᠣᠹᠧᠰᠰᠣᠷ ᠵᠢᠭᠵᠢᠳᠬᠣᠷᠯᠤ᠎ᠠ ᠢᠢᠨ ᠨᠠᠷᠠᠨᠭᠡᠷᠡᠯ ᠨᠠᠷ ᠬᠦᠷᠲᠡᠪᠡ᠃

ᠣᠶᠤᠨ ᠤᠬᠠᠭᠠᠨ᠂ ᠠᠪᠢᠶᠠᠰ ᠪᠢᠯᠢᠭ᠌ ᠢᠶᠡᠷ ᠢᠶᠡᠨ ᠮᠠᠩᠯᠠᠢᠢᠯᠠᠵᠤ᠂ ᠰᠢᠯᠢᠳᠡᠭ ᠪᠦᠲᠦᠭᠡᠯ ᠢᠶᠡᠷ ᠢᠶᠡᠨ ᠣᠨᠴᠤᠭᠠᠢᠢᠷᠠᠨ ᠰᠢᠯᠭᠠᠷᠠᠭᠰᠠᠨ ᠡᠷᠬᠢᠮ ᠦᠳ ᠲᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ ᠪᠠᠶᠠᠷ ᠬᠦᠷᠭᠡᠵᠦ᠂ ᠭᠡᠷ ᠪᠦᠯᠢ᠂ ᠦᠷ᠎ᠡ ᠬᠡᠦᠬᠡᠳ᠂ ᠬᠠᠮᠲᠤ ᠣᠯᠠᠨ ᠳᠤ ᠨᠢ ᠰᠠᠢᠢᠨ ᠰᠠᠢᠢᠬᠠᠨ ᠢ ᠬᠦᠰᠡᠨ ᠢᠷᠦᠭᠡᠪᠡ᠃