Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ᠂ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭᠠᠨ ᠤ ᠪᠠᠷᠢᠮᠲᠠ ᠪᠢᠴᠢᠭ ᠦᠳ ᠲᠥ ᠭᠠᠷ ᠤᠨ ᠦᠰᠦᠭ ᠵᠢᠷᠤᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ᠂ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠶᠡᠷᠦᠩᠬᠡᠢᠢᠯᠡᠭᠴᠢ ᠰ᠂ ᠨ᠂ ᠵᠠᠫᠠᠷᠤᠸ ᠨᠠᠷ 《ᠨᠠᠢᠢᠷᠰᠠᠭ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠭᠦᠨᠵᠡᠭᠡᠢᠢᠷᠡᠭᠦᠯᠬᠦ ᠲᠤᠬᠠᠢ ᠮᠣᠩ᠋ᠭᠣᠯ ᠤᠯᠤᠰ᠂ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠬᠠᠮᠲᠤᠷᠠᠭᠰᠠᠨ ᠲᠤᠩᠬᠠᠭᠯᠠᠯ》ᠳ᠋ᠤ ᠭᠠᠷ ᠤᠨ ᠦᠰᠦᠭ ᠵᠢᠷᠤᠯ᠎ᠠ᠃

ᠮᠥᠨ᠄

《ᠪᠠᠢᠢᠭᠠᠯᠢ ᠣᠷᠴᠢᠨ ᠢ ᠬᠠᠮᠠᠭᠠᠯᠠᠬᠤ ᠰᠠᠯᠪᠤᠷᠢ ᠲᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠵᠠᠰᠠᠭ ᠤᠨ ᠭᠠᠵᠠᠷ᠂ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠰᠠᠢᠢᠳ ᠨᠠᠷ ᠤᠨ ᠲᠠᠩᠬᠢᠮ ᠬᠣᠭᠣᠷᠣᠨᠳᠣ ᠢᠢᠨ ᠬᠡᠯᠡᠯᠴᠡᠭᠡᠷ》᠂
《ᠬᠥᠳᠡᠭᠡ ᠠᠵᠤ ᠠᠬᠤᠢ ᠢᠢᠨ ᠰᠠᠯᠪᠤᠷᠢ ᠲᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠵᠠᠰᠠᠭ ᠤᠨ ᠭᠠᠵᠠᠷ᠂ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠰᠠᠢᠢᠳ ᠨᠠᠷ ᠤᠨ ᠲᠠᠩᠬᠢᠮ ᠬᠣᠭᠣᠷᠣᠨᠳᠣ ᠢᠢᠨ ᠬᠡᠯᠡᠯᠴᠡᠭᠡᠷ》᠂
《ᠭᠡᠮᠲᠦ ᠬᠡᠷᠡᠭ ᠲᠡᠢ ᠲᠡᠮᠡᠴᠡᠬᠦ ᠰᠠᠯᠪᠤᠷᠢ ᠲᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠬᠠᠤᠯᠢ ᠵᠦᠢ᠂ ᠳᠣᠲᠣᠭᠠᠳᠤ ᠬᠡᠷᠡᠭ ᠦᠨ ᠶᠠᠮᠤᠨ ᠪᠣᠯᠤᠨ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠳᠣᠲᠣᠭᠠᠳᠤ ᠬᠡᠷᠡᠭ ᠦᠨ ᠶᠠᠮᠤᠨ ᠬᠣᠭᠣᠷᠣᠨᠳᠣ ᠬᠡᠯᠡᠯᠴᠡᠭᠡᠷ》᠂
《ᠣᠢ ᠢᠢᠨ ᠡᠺᠣᠰᠢᠰᠲ᠋ᠧᠮ ᠢ ᠬᠥᠭ᠍ᠵᠢᠭᠦᠯᠬᠦ ᠰᠠᠯᠪᠤᠷᠢ ᠲᠤ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ᠂ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠬᠥᠳᠡᠭᠡ ᠠᠵᠤ ᠠᠬᠤᠢ ᠢᠢᠨ ᠶᠠᠮᠤᠨ ᠬᠣᠭᠣᠷᠣᠨᠳᠣ ᠢᠢᠨ ᠬᠠᠷᠢᠯᠴᠠᠨ ᠣᠢᠢᠯᠠᠭᠠᠯᠴᠠᠯ ᠤᠨ ᠰᠠᠨᠠᠮᠵᠢ ᠪᠢᠴᠢᠭ᠌》᠂
《ᠤᠷᠭᠤᠮᠠᠯ ᠤᠨ ᠬᠣᠷᠢᠭ᠎ᠠ ᠴᠡᠭᠡᠷ ᠦᠨ ᠲᠠᠯ᠎ᠠ ᠪᠠᠷ ᠬᠠᠮᠲᠤᠷᠠᠨ ᠠᠵᠢᠯᠯᠠᠬᠤ ᠲᠤᠬᠠᠢ ᠮᠣᠩ᠋ᠭᠣᠯ ᠤᠯᠤᠰ ᠤᠨ ᠬᠦᠨᠡᠰᠦ᠂ ᠬᠥᠳᠡᠭᠡ ᠠᠵᠤ ᠠᠬᠤᠢ᠂ ᠬᠥᠩ᠋ᠭᠡᠨ ᠦᠢᠯᠡᠳᠪᠦᠷᠢ ᠢᠢᠨ ᠶᠠᠮᠤᠨ᠂ ᠺᠢᠷᠭᠢᠽ ᠤᠯᠤᠰ ᠤᠨ ᠬᠥᠳᠡᠭᠡ ᠠᠵᠤ ᠠᠬᠤᠢ ᠢᠢᠨ ᠶᠠᠮᠤᠨ ᠬᠣᠭᠣᠷᠣᠨᠳᠣ ᠢᠢᠨ ᠬᠡᠯᠡᠯᠴᠡᠭᠡᠷ》᠂
《ᠠᠬ᠎ᠠ ᠳᠡᠭᠦᠦ ᠢᠢᠨ ᠬᠠᠷᠢᠯᠴᠠᠭ᠎ᠠ ᠲᠣᠭᠲᠠᠭᠠᠬᠤ ᠲᠤᠬᠠᠢ ᠮᠣᠩ᠋ᠭᠣᠯ ᠤᠯᠤᠰ ᠤᠨ ᠨᠡᠢᠢᠰᠯᠡᠯ ᠤᠯᠠᠭᠠᠨᠪᠠᠭᠠᠲᠤᠷ ᠬᠣᠲᠠ᠂ ᠪᠦᠭᠦᠳᠡ ᠨᠠᠢᠢᠷᠠᠮᠳᠠᠬᠤ ᠺᠢᠷᠭᠢᠽ ᠤᠯᠤᠰ ᠤᠨ ᠨᠡᠢᠢᠰᠯᠡᠯ ᠪᠢᠱᠺᠧᠺ ᠬᠣᠲᠠ ᠬᠣᠭᠣᠷᠣᠨᠳᠣ ᠢᠢᠨ ᠬᠡᠯᠡᠯᠴᠡᠭᠡᠷ》 ᠍ ᠲᠤ ᠬᠣᠯᠪᠣᠭᠳᠠᠬᠤ ᠰᠠᠢᠢᠳ ᠤᠳ ᠪᠣᠯᠤᠨ ᠨᠡᠢᠢᠰᠯᠡᠯ ᠬᠣᠲᠠ ᠢᠢᠨ ᠤᠳᠤᠷᠢᠳᠤᠯᠭ᠎ᠠ ᠨᠤᠭᠤᠳ ᠭᠠᠷ ᠤᠨ ᠦᠰᠦᠭ ᠵᠢᠷᠤᠯ᠎ᠠ᠃